☆ ᠳ᠋·ᠨᠠᠮᠵᠠᠪ
ᠳᠡᠮᠡᠭᠡᠨ ᠰᠡᠭᠦᠯ
ᠳᠡᠮᠡᠭᠡᠨ ᠰᠡᠭᠦᠯ ᠢ ᠪᠢ ᠪᠠᠬᠠᠷᠤᠨᠠ᠃ ᠣᠴᠢᠷ ᠨᠢ᠂ ᠳᠡᠮᠡᠭᠡᠨ ᠭᠡᠪᠠᠯ ᠭᠤᠪᠢ ᠮᠢᠨᠢ ᠪᠣᠳᠤᠭᠳᠠᠭᠠᠤᠨ ᠰᠡᠭᠦᠯ ᠭᠡᠪᠠᠯ ᠳᠡᠮᠡᠭᠡᠨ ᠮᠢᠨᠢ ᠰᠠᠨᠠᠭᠳᠠᠭᠠᠤᠨ ᠪᠠᠢ᠌ᠳᠠᠭ ᠡᠴᠡ ᠪᠣᠳᠤᠯ ᠰᠡᠳᠭᠢᠯ ᠤᠨ ᠦᠷᠭᠡᠨ ᠭᠦᠳᠡᠭᠡ ᠳᠤ ᠮᠢᠨᠢ ᠳᠠᠷᠠ ᠣᠳᠤᠮ ᠳᠦᠷᠤᠯ ᠶᠢᠡᠷ ᠶᠢᠡᠨ ᠨᠤᠭᠤᠭᠠᠷᠠᠨ ᠦᠷᠭᠦᠯᠵᠢᠯᠡᠨ᠎ᠡ᠃
ᠲ᠋ᠡᠮᠡᠭᠡᠨ ᠰᠡᠭᠦᠯ ᠪᠣᠯ ᠬᠠᠷᠭᠠᠨ᠎ᠠ ᠶᠢᠨ ᠠᠢ᠌ᠮᠠᠭ᠂ ᠬᠤᠩᠬᠠᠳᠤ ᠶᠢᠨ ᠰᠠᠳᠤᠨ ᠪᠠᠢ᠌ᠯᠳᠠᠢ᠃ ᠶᠠᠷᠤ ᠶᠢᠨ ᠪᠠᠢ᠌ᠳᠠᠯ ᠳᠤ ᠳᠠᠷᠠ ᠬᠤᠷᠢ ᠡᠴᠡ ᠵᠠᠭᠤᠨ ᠰᠠᠠᠲ᠋ᠢᠮᠸᠲ᠋ᠷ ᠦᠨᠳᠦᠷ ᠣᠷᠭᠤᠨ᠎ᠠ᠃ ᠴᠠᠢ᠌ᠪᠣᠷ ᠰᠢᠷᠭᠠᠯ ᠳᠤᠷᠭᠠᠨ ᠬᠠᠯᠢᠰᠤᠯᠢᠭ ᠳᠤᠷᠤᠰᠤ ᠲᠡᠶ ᠪᠦᠭᠡᠳ ᠣᠠᠵᠢᠭᠠᠷ ᠣᠳᠠ ᠰᠢᠭ ᠥᠵᠦᠭᠦᠷ ᠳᠠᠯ᠎ᠠ ᠪᠠᠨ ᠰᠠᠯᠠᠭ᠎ᠠ ᠨᠠᠮᠠᠭ᠎ᠠ ᠲᠡᠶ ᠪᠠᠢ᠌ᠵᠤ᠂ ᠥᠵᠡᠭᠦ ᠳᠤ ᠥᠨᠡᠭᠡᠷ ᠭᠤᠶᠤ ᠬᠠᠷᠠᠭᠳᠠᠨ᠎ᠠ᠃ ᠡᠰᠢ ᠶᠢᠨ ᠭᠢᠨᠢ ᠦᠨᠳᠦᠷ ᠨᠢ ᠪᠦᠭᠦ ᠪᠠᠶ᠎ᠠ ᠶᠢᠨ ᠦᠨᠳᠦᠷ ᠤᠨ ᠭᠤᠷᠪᠠᠨ ᠤ ᠬᠤᠶᠠᠷ ᠢ ᠡᠵᠡᠯᠡᠳᠡᠭ᠌ ᠳᠤᠭᠳᠠᠮᠠᠯ ᠬᠠᠷᠢᠴᠠᠯ ᠲᠡᠶ ᠶᠤᠮ ᠰᠢᠭ ᠰᠡᠳᠦᠭ᠍ᠳᠡᠨᠡ᠃ ᠮᠦᠴᠢᠷ ᠤᠨ ᠭᠢᠨᠢ ᠭᠡᠯᠪᠠᠷᠢ ᠨᠢ ᠣᠳᠠ ᠪᠣᠷᠭᠠᠰᠤᠨ ᠤ ᠨᠠᠪᠴᠢ ᠶᠢ ᠵᠢᠵᠢᠭ᠍ᠷᠡᠭᠦᠯᠦᠭ᠍ᠰᠡᠨ ᠰᠢᠭ᠌ ᠪᠦᠭᠡᠳ ᠴᠡᠴᠡᠭ᠌ ᠲᠡᠶ ᠠᠳᠠᠯᠢ ᠪᠠᠳᠠᠷᠠᠭᠰᠠᠨ ᠰᠢᠷ᠎ᠠ ᠨᠤᠭᠤᠭᠠᠨ ᠥᠩᠭᠡ ᠲᠡᠶ ᠪᠠᠢ᠌ᠳᠠᠭ ᠪᠢᠯᠠ᠃ ᠦᠨᠳᠦᠰᠦ ᠨᠢ ᠭᠠᠵᠠᠷ ᠤᠨ ᠭᠦᠷᠦᠰᠤᠨ ᠳᠤ ᠠᠷᠪᠠ ᠰᠢᠬᠠᠮ ᠰᠠᠠᠲ᠋ᠢᠮᠸᠲ᠋ᠷ ᠭᠦᠨ ᠣᠷᠤᠵᠤ᠂ ᠳᠤᠤᠷ᠎ᠠ ᠪᠠᠨ ᠭᠡᠳᠤ ᠭᠡᠳᠤ ᠰᠠᠯᠠᠭᠠᠯᠠᠨ ᠳᠠᠷᠬᠠᠵᠤ ᠰᠠᠬᠠᠯ ᠦᠨᠳᠦᠰᠦ ᠪᠠᠷ ᠶᠢᠡᠨ ᠨᠥᠭᠦᠭᠡ ᠬᠠᠷᠭᠠᠨ᠎ᠠ ᠶᠢᠨ ᠦᠨᠳᠦᠰᠦ ᠳᠠᠢ ᠠᠴᠢᠯᠳᠤᠨ ᠳᠤᠤᠷᠯᠠᠯᠳᠤᠵᠤ ᠪᠠᠢ᠌ᠳᠠᠭ᠃ ᠨᠠᠩ ᠰᠤᠨᠢᠷᠬᠠᠯᠳᠠᠢ ᠨᠢ ᠭᠡᠪᠠᠯ᠂ ᠳᠡᠭᠦᠨ ᠳᠤ ᠰᠦᠯᠵᠢᠶ᠎ᠠ ᠦᠨᠳᠦᠰᠦ ᠭᠡᠵᠤ ᠪᠠᠢ᠌ᠳᠠᠭ᠃ ᠳᠠᠷᠤᠢ ᠠᠷᠪᠠ ᠡᠴᠡ ᠬᠤᠷᠢᠨ ᠰᠠᠠᠲ᠋ᠢᠮᠸᠲ᠋ᠷ ᠭᠦᠨ ᠭᠠᠵᠠᠷ ᠤᠨ ᠭᠦᠷᠦᠰᠤᠨ ᠳᠤᠤᠷᠠᠭᠢ ᠣᠷᠳᠤ ᠡᠴᠡ ᠦᠷᠭᠦᠯᠵᠢᠯᠡᠭ᠍ᠰᠡᠨ ᠭᠠᠷ ᠤᠨ ᠡᠷᠡᠭᠡᠢ ᠶᠢᠨ ᠴᠢᠨᠡᠭᠡᠨ ᠪᠦᠳᠦᠭᠦᠨ ᠥᠡᠳᠦᠰᠤ ᠵᠠᠯᠭᠠᠨ ᠣᠷᠭᠤᠳᠠᠭ ᠶᠤᠮ᠃ ᠡᠨᠡ ᠨᠢ ᠭᠦᠮᠤᠨ ᠤ ᠪᠠᠶ᠎ᠠ ᠳ᠋ᠠᠭᠢ ᠯᠤᠭᠰᠢᠭᠤᠨ ᠰᠤᠳᠠᠯ᠂ ᠨᠠᠮᠵᠢᠭᠤᠨ ᠰᠤᠳᠠᠯ ᠪᠠ ᠳᠤᠰᠠᠭᠠᠷ ᠰᠤᠳᠠᠯ ᠤᠳ ᠤᠨ ᠭᠡᠢ ᠠᠭᠠᠷ᠂ ᠢᠳᠠᠰᠢ ᠣᠤᠭᠤᠰᠢ᠂ ᠪᠣᠰᠤᠳ ᠠᠰᠢᠭᠳᠠᠢ ᠭᠦᠷᠦᠯᠴᠡᠩᠭᠦᠢ ᠵᠣᠢ᠌ᠯ ᠡᠴᠡ ᠰᠢᠩᠭᠡᠭᠡᠭ᠍ᠰᠡᠨ ᠰᠢᠮ᠎ᠠ ᠳᠡᠵᠢᠭᠡᠯ ᠤᠨ ᠳᠦᠷᠤᠯ ᠪᠦᠭᠦᠨ ᠢ ᠪᠠᠶ᠎ᠠ ᠴᠤᠭᠴᠠ ᠶᠢᠨ ᠬᠠᠮᠤᠭ ᠡᠰ ᠲᠤ ᠭᠦᠷᠭᠡᠵᠤ ᠳᠠᠷᠬᠠᠭᠠᠳᠠᠭ ᠲᠡᠶ ᠠᠳᠠᠯᠢ ᠣᠠᠴᠠᠭᠠᠢ ᠣᠢ᠌ᠯᠠᠳᠤᠯ ᠲᠡᠶ ᠪᠣᠯᠬᠤ ᠨᠢ ᠪᠦᠷᠢᠨ ᠮᠡᠳᠡᠭ᠍ᠳᠡᠨ᠎ᠡ᠃
ᠲ᠋ᠡᠮᠡᠭᠡᠨ ᠰᠡᠭᠦᠯ ᠳᠤᠷᠠᠳᠠᠢ ᠭᠠᠵᠠᠷ ᠲᠠᠭᠠᠨ ᠣᠷᠭᠤᠳᠠᠭ ᠪᠦᠭᠡᠳ ᠶᠠᠷᠤᠨᠢ ᠰᠢᠷᠤᠢ ᠭᠤᠯᠤᠬᠤ ᠦᠭᠡᠶ᠂ ᠣᠮᠳᠠ ᠭᠡᠵᠤ ᠣᠰᠤ ᠭᠦᠰᠡᠭᠦ ᠦᠭᠡᠶ᠃ ᠬᠠᠭᠤᠷᠠᠢ ᠬᠠᠭᠰᠠᠭᠤ ᠠᠰᠠᠭ ᠠᠳᠠᠷᠠᠭ ᠶᠢᠡᠷ ᠨᠤᠭᠤᠭᠠᠨ ᠭᠦᠳᠦᠷᠡᠪᠴᠢ ᠪᠣᠯᠵᠤ᠂ ᠰᠢᠷ᠎ᠠ ᠨᠤᠭᠤᠭᠠᠨ ᠠᠯᠠᠭ ᠴᠡᠴᠡᠭ᠌ ᠶᠢᠡᠷ ᠵᠢᠠᠨ ᠪᠠᠢ᠌ᠭᠠᠯᠢ ᠶᠢ ᠴᠢᠮᠠᠵᠤ ᠠᠮᠢᠳᠤᠷᠠᠳᠠᠭ ᠣᠠᠴᠠ ᠴᠢᠳᠠᠪᠣᠷᠢ ᠲᠡᠶ᠃ ᠳᠠᠷᠠ ᠪᠦᠳᠦᠷᠢᠭ᠌ ᠪᠣᠷᠵᠢᠨ ᠶᠢᠡᠷ ᠣᠷᠭᠤᠵᠤ ᠴᠢᠳᠠᠨ᠎ᠠ᠂ ᠠᠭᠤᠯᠠᠨ ᠪᠠᠯ ᠶᠢᠡᠷ ᠨᠤᠭᠤᠭᠠᠷᠠᠵᠤ ᠴᠢᠳᠠᠨ᠎ᠠ᠂ ᠣᠰᠤᠨ ᠤ ᠭᠦᠪᠠᠭᠡ ᠪᠠᠷ ᠡᠯᠢᠭᠡᠳᠡᠵᠤ ᠴᠢᠳᠠᠨ᠎ᠠ᠃ ᠨᠠᠩ ᠴᠤ ᠳᠡᠭᠦᠨ ᠤ ᠣᠷᠭᠤᠯᠳᠠ ᠨᠢ ᠭᠠᠵᠠᠷ ᠤᠨ ᠪᠠᠢ᠌ᠴᠠ ᠳᠠᠭᠠᠵᠤ ᠠᠳᠠᠯᠢ ᠦᠭᠡᠶ ᠪᠠᠢ᠌ᠳᠠᠭ᠃ ᠶᠠᠭᠠᠭᠢᠭᠠᠤᠨ ᠭᠡᠭᠦᠯ᠎ᠡ ᠠᠭᠤᠯᠠ ᠶᠢᠨ ᠳᠠᠰᠢᠭᠤ ᠶᠢ ᠳᠠᠭᠠᠵᠤ ᠣᠷᠭᠤᠭᠰᠠᠨ ᠳᠡᠮᠡᠭᠡᠨ ᠰᠡᠭᠦᠯ ᠨᠢ ᠪᠣᠭᠵᠤᠭᠤᠷ ᠪᠣᠭᠤᠨᠢ ᠪᠣᠯᠳᠠᠭ᠂ ᠭᠤᠪᠢ ᠪᠠᠷ ᠪᠠᠭᠰᠢᠷᠠᠨ ᠣᠷᠭᠤᠭᠰᠠᠨ ᠳᠡᠮᠡᠭᠡᠨ ᠰᠡᠭᠦᠯ ᠨᠢ ᠪᠣᠳᠤᠯᠢᠭ ᠡᠰᠢ ᠲᠡᠶ ᠪᠦᠭᠡᠳ ᠦᠨᠳᠦᠷ ᠪᠣᠯᠳᠠᠭ᠂ ᠰᠢᠪᠠᠷᠯᠢᠭ ᠭᠠᠵᠡᠷ ᠲᠤ ᠣᠷᠭᠤᠭᠰᠠᠨ ᠳᠡᠮᠡᠭᠡᠨ ᠰᠡᠭᠦᠯ ᠨᠢ ᠡᠰᠢ ᠪᠠᠷ ᠨᠠᠷᠢᠨ ᠦᠨᠳᠦᠰᠦ ᠪᠠᠷ ᠭᠦᠢᠭᠡᠨ ᠮᠦᠷᠳᠡᠭᠡᠨ ᠪᠣᠭᠵᠤᠭᠤᠷ ᠵᠢᠵᠢᠭ᠌ ᠰᠢᠭ᠌ ᠪᠣᠯᠳᠠᠭ᠃ ᠡᠭᠦᠨ ᠤ ᠨᠢᠭᠤᠴᠠ ᠨᠢ ᠭᠡᠪᠠᠯ ᠳᠡᠮᠡᠭᠡᠨ ᠰᠡᠭᠦᠯ ᠤᠨ ᠰᠦᠯᠵᠢᠶ᠎ᠠ ᠦᠨᠳᠦᠰᠦ ᠨᠢ ᠳᠦᠭᠡᠭᠡᠯ ᠣᠰᠤᠨ ᠤ ᠬᠤᠭᠤᠯᠠᠢ ᠰᠢᠭ ᠬᠤᠯᠠ ᠶᠢᠨ ᠳᠡᠷᠳᠡᠭᠡ ᠡᠴᠡ ᠣᠰᠤ ᠳᠠᠳᠠᠵᠤ ᠴᠢᠳᠠᠳᠠᠭ ᠪᠦᠭᠡᠳ ᠬᠠᠮᠳᠤ ᠳᠠᠭᠠᠨ ᠣᠰᠤ ᠳᠡᠵᠢᠭᠡᠯ ᠶᠢᠡᠨ ᠬᠤᠪᠢᠶᠠᠯᠴᠠᠵᠤ ᠡᠳ᠋ᠯᠡᠳᠡᠭ᠌ ᠲᠤ ᠪᠠᠢ᠌ᠨ᠎ᠠ᠃ ᠳᠠᠷᠠᠴᠢᠯᠠᠨ ᠳᠡᠭᠦᠨ ᠤ ᠪᠠᠶ᠎ᠠ ᠳᠡᠭᠡᠨ ᠣᠰᠤ ᠬᠠᠳᠠᠭᠠᠯᠠᠵᠤ ᠠᠮᠢᠵᠢᠷᠠᠯ ᠤᠨ ᠭᠦᠴᠤ ᠲᠡᠶ ᠪᠠᠢ᠌ᠳᠠᠭ ᠲᠤ ᠬᠤᠯᠪᠣᠭᠳᠠᠨ᠎ᠠ᠃ ᠳᠠ ᠪᠣᠳᠤᠬᠤ ᠦᠭᠡᠶ ᠦᠦ︖ ᠳᠡᠭᠦᠨ ᠤ ᠳᠤᠭ᠎ᠠ ᠳᠤᠮᠰᠢ ᠦᠭᠡᠶ ᠰᠦᠯᠵᠢᠯᠳᠤᠨ ᠵᠠᠯᠭᠠᠯᠳᠤᠭᠰᠠᠨ ᠦᠨᠳᠦᠰᠦ ᠲᠡᠶ ᠣᠷᠭᠤᠯᠳᠠ ᠶᠢᠨ ᠪᠠᠢ᠌ᠳᠠᠯ ᠨᠢ ᠣᠷᠭᠤᠮᠠᠯ ᠳᠤ ᠪᠠᠰᠠ ᠤᠢ᠌ᠷ᠎ᠡ ᠳᠦᠷᠤᠯ᠂ ᠰᠠᠳᠤᠨ ᠰᠦᠯᠵᠢᠶ᠎ᠠ᠂ ᠣᠭ ᠣᠭᠰᠠᠭ᠎ᠠ ᠪᠠᠢ᠌ᠬᠤ ᠶᠤᠮ ᠪᠠᠢ᠌ᠨ᠎ᠠ ᠭᠡᠳᠡᠭ᠌ ᠪᠣᠳᠤᠯ ᠳᠦᠷᠦᠭ᠍ᠳᠡᠭᠦᠯᠳᠡᠭ᠌ ᠪᠦᠭᠡᠳ ᠳᠠᠳᠠᠨ ᠤ ᠰᠠᠯᠤᠰᠢ ᠦᠭᠡᠶ ᠪᠦᠯᠭᠦᠮᠳᠡᠯ ᠨᠢᠭᠳᠠᠷᠠᠯ ᠤᠨ ᠭᠦᠴᠤ ᠨᠢ ᠠᠯᠢᠪᠠ ᠠᠮᠢᠳᠠᠨ ᠣᠷᠭᠤᠮᠠᠯ ᠤᠨ ᠲᠦᠰᠢᠯᠴᠠᠨ ᠣᠷᠤᠰᠢᠬᠤ ᠵᠢᠮ᠎ᠠ ᠶᠤᠰᠤ ᠲᠡᠶ ᠠᠳᠠᠯᠢᠬᠠᠨ ᠪᠠᠢ᠌ᠨ᠎ᠠ ᠭᠡᠰᠡᠨ ᠰᠡᠳᠭᠢᠭ᠍ᠳᠡᠯ ᠥᠭ᠍ᠳᠡᠭ᠌ ᠪᠠᠢ᠌ᠨ᠎ᠠ᠃
ᠲ᠋ᠡᠮᠡᠭᠡᠨ ᠰᠡᠭᠦᠯ ᠪᠣᠯ ᠳᠡᠵᠢᠭᠡᠯ ᠰᠠᠢ᠌ᠳᠠᠢ ᠣᠷᠭᠤᠮᠠᠯ ᠪᠣᠯᠤᠨ᠎ᠠ᠃ ᠳᠠᠷᠠ ᠭᠡᠳᠥᠢᠪᠠᠷ ᠪᠣᠳᠤᠯᠢᠭ ᠮᠤᠳᠤᠨ ᠡᠰᠢ ᠲᠡᠶ ᠬᠠᠳᠬᠤᠭᠠᠴᠢ ᠶᠡᠭᠡᠳᠡᠢ ᠬᠠᠷᠭᠠᠨ᠎ᠠ ᠶᠢᠨ ᠳᠦᠷᠤᠯ ᠪᠣᠯᠪᠠᠴᠤ ᠡᠪᠠᠰᠤ ᠳᠡᠵᠢᠭᠡᠯ ᠤᠨ ᠣᠢ᠌ᠯᠠᠳᠤᠯ ᠲᠡᠶ ᠮᠠᠯ ᠤᠨ ᠪᠣᠷᠳᠤᠭ᠎ᠠ ᠶᠤᠮ᠃ ᠳᠡᠭᠦᠨ ᠤ ᠨᠠᠷᠢᠨ ᠰᠠᠯᠠᠭ᠎ᠠ᠂ ᠨᠠᠪᠴᠢ ᠮᠦᠴᠢᠷ᠂ ᠴᠡᠴᠡᠭ᠌ ᠳᠠᠯᠪᠢ ᠶᠢ ᠨᠢ ᠥᠵᠡᠭᠦ ᠳᠤ ᠳᠡᠭ᠍ᠷᠢ ᠮᠠᠳᠠᠨ᠎ᠠ ᠭᠡᠰᠡᠨ ᠰᠢᠭ ᠭᠡᠳᠡᠢ᠌ᠯᠳᠦᠵᠤ ᠪᠠᠢ᠌ᠪᠠᠴᠤ ᠡᠪᠠᠰᠤᠨ ᠳᠡᠵᠢᠭᠡᠯᠳᠡᠨ ᠤ ᠥᠭᠡᠳᠡ ᠡᠴᠡ ᠬᠠᠷᠢᠨ ᠡᠯᠪᠠᠭ᠌ ᠪᠣᠶᠠᠨ ᠭᠡᠰᠢᠭ᠌ ᠶᠢᠡᠨ ᠳᠡᠭᠡᠳᠦᠯᠡᠵᠤ ᠪᠠᠢ᠌ᠳᠠᠭ᠃ ᠳᠠᠷᠠ ᠪᠣᠯ ᠮᠠᠨ ᠤ ᠮᠡᠳᠡᠳᠡᠭ᠌ ᠠᠴᠢᠶ᠎ᠠ ᠳᠡᠩᠨᠡᠭᠡ ᠶᠢᠨ ᠭᠦᠡᠳᠤ ᠳᠤ ᠳᠠᠩᠳᠠᠳᠠᠭ ᠦᠭᠡᠶ᠂ ᠴᠦᠯ ᠳᠤ ᠴᠢᠳᠠᠮᠠᠭᠠᠢ 《ᠡᠯᠡᠰᠤᠨ ᠭᠤᠪᠢ ᠶᠢᠨ ᠣᠩᠭ᠋ᠤᠴᠠ》 ᠭᠡᠮᠡᠭ᠍ᠳᠡᠭ᠍ᠰᠡᠨ ᠳᠡᠮᠡᠭᠡᠨ ᠰᠦᠷᠦᠭ᠌ ᠤᠨ ᠮᠠᠨᠢ ᠳᠤᠷᠠᠳᠠᠢ ᠢᠳᠡᠭᠦ ᠡᠪᠠᠰᠤᠨ ᠤ ᠵᠣᠢ᠌ᠯ ᠮᠦᠷᠳᠡᠭᠡᠨ ᠰᠦᠷᠦᠭ᠌ ᠤᠨ ᠰᠦᠷᠦᠭ᠌ ᠤᠨ ᠳᠦᠷᠦᠭᠦᠨ ᠳᠤ ᠰᠡᠩᠭᠡᠯᠵᠡᠳᠡᠭ᠌ ᠢᠮᠠᠭᠠᠨ ᠬᠤᠨᠢ ᠶᠢᠨ ᠬᠠᠮᠤᠭ ᠤᠨ ᠳᠤᠷᠠᠳᠠᠢ ᠢᠳᠡᠭᠦ ᠠᠮᠳᠠᠯᠢᠭ ᠳᠡᠵᠢᠭᠡᠯ ᠪᠣᠯᠤᠨ᠎ᠠ᠃ ᠡᠭᠦᠨ ᠡᠴᠡ ᠭᠠᠳᠠᠨ᠎ᠠ ᠥᠭᠡᠷ ᠬᠤᠨᠢ ᠴᠤ ᠠᠳᠠᠭ᠎ᠠ ᠦᠭᠭᠦ ᠦᠭᠡᠶ ᠵᠡᠷᠭᠡᠯᠡᠭᠡᠳ ᠢᠳᠡᠳᠡᠭ᠌ ᠨᠢ ᠦᠷᠭᠦᠯᠵᠢ ᠠᠵᠢᠭᠯᠠᠭᠳᠠᠬᠤ ᠡᠴᠡ ᠦᠵᠡᠪᠠᠯ ᠳᠠᠯ᠎ᠠ ᠶᠢᠨ ᠴᠢᠮᠡᠭ᠌ ᠪᠣᠯᠤᠭᠰᠠᠨ ᠳᠠᠪᠤᠨ ᠬᠤᠰᠢᠭᠤ ᠮᠠᠯ ᠤᠨ ᠳᠡᠯᠭᠡᠭᠦᠤ ᠳᠡᠭᠡᠨ ᠳᠤᠷᠠᠳᠠᠢ ᠢᠳᠡᠳᠡᠭ᠌ ᠪᠣᠳᠤᠯᠢᠭ ᠣᠷᠭᠤᠮᠠᠯ ᠤᠨ ᠳᠦᠷᠤᠯ ᠪᠣᠯᠤᠯᠳᠠᠢ᠃ ᠶᠠᠭᠤ ᠴᠤ ᠭᠡᠰᠡᠨ ᠮᠢᠨᠤ ᠴᠡᠭᠡᠵᠢᠯᠡᠵᠤ ᠪᠠᠢ᠌ᠬᠤ ᠪᠠᠷ ᠪᠣᠯ ᠮᠠᠯ ᠡᠷᠳᠡᠨᠢ ᠶᠠᠭᠤᠨ ᠤ ᠳᠦᠷᠦᠭᠦᠨ ᠳᠤ ᠳᠡᠮᠡᠭᠡᠨ ᠰᠡᠭᠦᠯ ᠤᠨ ᠴᠡᠴᠡᠭ᠌ ᠢ ᠳᠡᠭᠦᠵᠤ ᠡᠮᠭᠦᠯᠡᠵᠤ ᠶᠠᠪᠣᠬᠤ ᠨᠢ ᠬᠠᠷᠠᠭᠳᠠᠨ᠎ᠠ᠃ ᠪᠣᠳᠤᠪᠠᠯ ᠴᠡᠴᠡᠭ᠌ ᠨᠢ ᠰᠢᠷ᠎ᠠ ᠳᠤᠰᠤ᠂ ᠴᠢᠮᠦᠭᠡ ᠳᠦᠭᠦᠷᠭᠡᠭᠦ ᠳᠡᠵᠢᠭᠡᠯ ᠤᠨ ᠡᠮ ᠤᠨ ᠳᠡᠭᠡᠳᠤ ᠪᠣᠯᠬᠤ ᠨᠢ ᠭᠠᠷᠴᠠᠭ᠎ᠠ ᠦᠭᠡᠶ ᠦᠨᠡᠨ ᠶᠤᠮ ᠪᠠᠢ᠌ᠨ᠎ᠠ᠃ ᠵᠠ᠂ ᠳᠡᠭᠡᠭᠡᠳ ᠭᠡᠷᠡᠭ᠌ ᠪᠣᠯᠭᠠᠵᠤ ᠳᠡᠭᠡᠷ᠎ᠡ ᠭᠠᠷᠭᠠᠯ ᠦᠭᠡᠶ᠂ ᠭᠡᠩᠭᠡᠷᠭᠡ ᠳᠠᠯᠡᠳᠴᠤ ᠭᠦᠭ᠍ᠰᠡᠯ ᠡᠷᠭᠦᠯ ᠦᠭᠡᠶ ᠬᠠᠰᠢᠷ ᠮᠠᠯᠴᠢᠳ ᠥᠵᠡᠭᠦ ᠳᠤ ᠄ 《ᠳᠡᠮᠡᠭᠡᠨ ᠰᠡᠭᠦᠯ ᠪᠣᠯ ᠭᠠᠰᠢᠭᠤᠨ ᠠᠮᠳᠠᠳᠠᠢ ᠱᠥᠯᠳᠦᠯᠢᠭ᠌ ᠣᠷᠭᠤᠮᠠᠯ ᠶᠤᠮ᠂ ᠳᠡᠭᠦᠨ ᠤ ᠳᠠᠪᠣᠰᠤᠯᠢᠭ ᠴᠢᠨᠠᠷ ᠢ ᠭᠡᠯᠡᠪᠠᠯ ᠳᠡᠮᠡᠭᠡᠨ ᠡᠴᠡ ᠠᠰᠠᠭᠤ︕ ᠶᠠᠭ ᠭᠦᠷᠦᠰᠦᠯᠢᠭ᠌ ᠭᠠᠵᠠᠷ ᠤᠨ ᠵᠠᠭ ᠭᠡᠵᠤ ᠮᠠᠳᠠ︕ ᠳᠡᠮᠡᠭᠡᠨ ᠰᠡᠭᠦᠯ ᠲᠡᠶ ᠭᠠᠵᠠᠷ ᠤᠨ ᠮᠠᠯ ᠬᠤᠵᠢᠷᠰᠢᠳᠠᠭ ᠦᠭᠡᠶ᠂ ᠡᠪᠦᠯ ᠳᠤ ᠬᠠᠷ᠎ᠠ ᠮᠢᠬ᠎ᠠ ᠪᠠᠨ ᠠᠯᠳᠠᠯ ᠦᠭᠡᠶ ᠴᠢᠮᠦᠭᠡ ᠲᠡᠶ ᠭᠠᠷᠳᠠᠭ》 ᠭᠡᠵᠤ ᠠᠭᠠᠭ ᠲᠡᠶ ᠴᠠᠢ ᠶᠢᠨ ᠵᠤᠭᠤᠭ᠂ ᠨᠠᠰᠤᠮᠠᠢ ᠰᠤᠯᠢᠯᠴᠠᠬᠤ ᠶᠢᠨ ᠶᠠᠷᠢᠶ᠎ᠠ ᠪᠣᠯᠭᠠᠵᠤ ᠭᠦᠭᠡᠷᠦᠯᠳᠦᠭᠦ ᠨᠢ ᠣᠯᠠᠨ ᠬᠠᠷᠠᠭᠳᠠᠨ᠎ᠠ᠃ ᠮᠢᠨᠤ ᠮᠡᠳᠡᠭ᠍ᠰᠡᠨ ᠶᠢᠡᠷ ᠪᠣᠯ ᠮᠠᠨ ᠤ ᠨᠤᠳᠤᠭ ᠲᠤ ᠳᠡᠮᠡᠭᠡᠨ ᠰᠡᠭᠦᠯ ᠶᠢᠡᠷ ᠡᠪᠦᠯ ᠬᠠᠪᠣᠷ ᠤᠨ ᠥᠭᠡᠷ ᠮᠠᠯ ᠤᠨ ᠳᠡᠵᠢᠭᠡᠯ ᠪᠣᠯᠭᠠᠳᠠᠭ ᠭᠠᠵᠠᠷ ᠤᠳ ᠢ ᠭᠡᠯᠡᠳᠡᠭ᠌ ᠪᠣᠯᠬᠤᠯ᠎ᠠ ᠶᠡᠭᠡ ᠣᠷᠳᠤᠪᠣᠯᠠᠭ᠂ ᠮᠠᠯᠵᠠᠨ᠂ ᠪᠠᠭ᠎ᠠ ᠣᠷᠳᠤᠪᠣᠯᠠᠭ᠂ ᠭᠦᠭᠡᠬᠤᠳᠳᠤᠭ᠂ ᠪᠣᠷᠤᠬᠤᠳᠳᠠᠭ᠂ ᠭᠦᠶᠦᠳᠡᠭ᠌᠂ ᠣᠯᠠᠭᠠᠠᠬᠤᠳᠳᠤᠭ᠂ ᠬᠠᠷᠠᠭᠤᠤᠯ ᠤᠨ ᠪᠣᠯᠠᠭ᠂ ᠣᠮᠤᠷᠤᠭᠤᠨ᠂ ᠵᠦᠷᠵᠢ ᠶᠢᠨ ᠣᠪᠣᠭ᠎ᠠ ᠵᠡᠷᠭᠡ ᠡᠷᠭᠢ ᠡᠭᠡᠮ᠎ᠡ ᠪᠠᠨ ᠳᠦᠰᠢᠯᠴᠡᠭ᠍ᠰᠡᠨ ᠡᠭᠡᠴᠢ ᠠᠬ᠎ᠠ ᠳᠡᠭᠦᠤ ᠭᠠᠵᠠᠷ ᠤᠳ ᠢ ᠳᠤᠷᠠᠳᠬᠤ ᠵᠦᠪᠳᠠᠢ ᠪᠠᠢ᠌ᠨ᠎ᠠ᠂ ᠶᠠᠷᠤᠨᠢ ᠡᠳᠡᠭᠡᠷ ᠪᠣᠯ ᠴᠤᠬᠤᠮ ᠬᠠᠭᠠᠰ ᠴᠥᠯᠦᠷᠭᠡᠭ᠌ ᠭᠠᠵᠠᠷ ᠲᠤ ᠪᠠᠭᠳᠠᠨ᠎ᠠ᠃ ᠭᠠᠵᠠᠷ ᠤᠨ ᠭᠦᠷᠦᠰᠤ ᠬᠠᠭᠰᠠᠭᠤ᠂ ᠬᠠᠢ᠌ᠷ ᠴᠢᠯᠠᠭᠤᠯᠢᠭ ᠶᠡᠭᠡ᠂ ᠡᠯᠡᠰᠦᠷᠭᠡᠭ᠌ ᠰᠢᠭ᠌ ᠪᠦᠭᠡᠳ ᠬᠤᠷ᠎ᠠ ᠴᠠᠰᠤᠨ ᠤ ᠴᠢᠭᠢᠭ᠍ᠯᠢᠭ᠌ ᠴᠢᠨᠠᠷ ᠢ ᠬᠠᠳᠠᠭᠠᠯᠠᠬᠤ ᠳᠠᠯ᠎ᠠ ᠪᠠᠷ ᠣᠶᠠᠨ ᠪᠠᠢ᠌ᠳᠠᠭ᠃ ᠡ᠊ᠨᠳᠠ ᠣᠷᠭᠤᠳᠠᠭ ᠡᠪᠠᠰᠤ ᠣᠷᠭᠤᠮᠠᠯ ᠭᠡᠪᠠᠯ ᠳᠡᠮᠡᠭᠡᠨ ᠰᠡᠭᠦᠯ ᠢ ᠭᠠᠷᠭᠠᠪᠠᠯ ᠳᠠᠭᠠᠨ᠎ᠠ᠂ ᠰᠥᠭᠡᠭ᠌᠂ ᠰᠢᠷᠠᠯᠵᠢ᠂ ᠬᠠᠮᠬᠤᠤᠯ᠂ ᠬᠠᠯᠠᠬᠠᠢ᠂ ᠳᠡᠰᠭᠡᠨ᠎ᠡ ᠭᠡᠭᠦ ᠮᠠᠳᠤ ᠶᠢᠨ ᠣᠯᠠᠨ ᠡᠪᠠᠰᠤ ᠣᠷᠭᠤᠮᠠᠯ ᠬᠠᠮᠳᠤ ᠣᠷᠤᠰᠢᠵᠤ ᠪᠠᠢ᠌ᠳᠠᠭ᠃ ᠭᠡᠳᠡᠯ᠎ᠡ ᠡ᠊ᠨᠳᠠ ᠭᠡᠨ ᠠᠯᠢᠨ ᠡᠴᠡ ᠴᠤ ᠠᠷᠪᠢᠨ ᠣᠷᠭᠤᠳᠠᠭ ᠨᠢ ᠭᠦᠩᠭᠡᠨ ᠴᠤᠪᠣᠭᠤᠯᠢᠭ ᠣᠩᠭ᠋ᠤᠷᠠᠯ ᠭᠡᠳᠡᠭ᠌ ᠡᠪᠠᠰᠤ ᠪᠣᠯᠤᠨ᠎ᠠ᠃ ᠳᠠᠷᠠ ᠬᠠᠪᠣᠷ ᠵᠤᠨ ᠳᠤ ᠭᠦᠭᠡ ᠨᠤᠭᠤᠭᠠᠨ᠂ ᠨᠠᠮᠤᠷ ᠡᠪᠦᠯ ᠳᠤ ᠠᠯᠳᠠᠨ ᠰᠢᠷ᠎ᠠ ᠥᠩᠭᠡ ᠲᠡᠶ ᠪᠠᠢ᠌ᠵᠤ᠂ ᠳᠠᠯ᠎ᠠ ᠨᠤᠳᠤᠭ ᠤᠨ ᠰᠢᠮ᠎ᠠ ᠰᠠᠢ᠌ᠳᠠᠢ ᠡᠪᠠᠰᠤᠨ ᠤ ᠳᠦᠷᠤᠯ ᠳᠤ ᠬᠠᠷᠢᠶᠠᠳᠤᠨᠠ᠃ ᠳᠡᠮᠡᠭᠡᠨ ᠰᠡᠭᠦᠯ ᠤᠨ ᠣᠷᠭᠤᠳᠠᠭ ᠭᠠᠵᠠᠷ ᠤᠨ ᠣᠯᠠᠩᠭᠢ ᠨᠢ ᠬᠠᠢ᠌ᠷ ᠴᠢᠯᠠᠭᠤ᠂ ᠵᠢᠷᠤᠭ᠎ᠠ ᠡᠯᠡᠰᠤ᠂ ᠵᠥᠭᠡᠯᠡᠨ ᠰᠢᠷᠤᠢ ᠭᠤᠷᠪᠠ ᠬᠤᠯᠢᠯᠳᠤᠭᠰᠠᠨ ᠭᠦᠷᠦᠰᠦᠯᠢᠭ᠌ ᠪᠣᠰᠤ ᠰᠤᠯᠠᠬᠠᠨ ᠦᠨᠳᠦᠰᠦ ᠲᠡᠶ᠂ ᠴᠢᠭᠢᠭ᠍ᠯᠢᠭ᠌ ᠣᠯᠠᠷᠢᠯ ᠳᠤ ᠳᠦᠭᠡ ᠭᠢᠷᠢ ᠦᠨᠳᠦᠷ ᠭᠠᠩᠭ᠋ᠠᠩ ᠰᠠᠢ᠌ᠬᠠᠨ ᠨᠤᠭᠤᠭᠠᠨ ᠱᠤᠤᠷᠠᠢ ᠰᠢᠭ ᠭᠠᠩᠬᠤᠵᠤ ᠪᠠᠢ᠌ᠪᠠᠴᠤ ᠠᠯᠳᠠᠨ ᠨᠠᠮᠤᠷ ᠤᠨ ᠣᠯᠠᠷᠢᠯ ᠮᠤᠷᠢᠯᠠᠨ ᠰᠠᠭᠠᠳᠠᠵᠤ᠂ ᠠᠭᠠᠷ ᠰᠡᠷᠢᠭᠦᠳᠡᠵᠤ ᠭᠠᠵᠠᠷ ᠤᠨ ᠭᠦᠷᠦᠰᠤ ᠬᠠᠭᠤᠷᠠᠢ᠌ᠰᠢᠪᠠᠯ᠂ ᠣᠩᠭ᠋ᠤᠷᠠᠯ ᠡᠪᠠᠰᠤ ᠳᠦᠷᠤᠯᠭᠢ ᠶᠢᠨ ᠰᠤᠯᠠ ᠦᠨᠳᠦᠰᠦ ᠲᠡᠶ ᠪᠣᠯᠬᠤᠷ ᠪᠠᠬᠠᠨ ᠰᠠᠯᠭᠢ ᠭᠦᠳᠡᠯᠦᠮᠡᠭ᠍ᠴᠡ ᠬᠠᠮᠬᠤᠤᠯ ᠠᠳᠠᠯᠢ ᠬᠤᠪᠬᠤᠷᠠᠨ ᠭᠡᠢ᠌ᠰᠦᠭᠡᠳ ᠳᠡᠨᠦᠭᠦᠯ ᠡᠪᠠᠰᠤ ᠪᠣᠯᠴᠢᠬᠠᠳᠠᠭ᠃ ᠡᠨᠡ ᠦᠶ᠎ᠡ ᠶᠢᠨ ᠣᠩᠭ᠋ᠤᠷᠠᠯ ᠨᠢ ᠬᠤᠳᠤᠭᠤᠷ ᠭᠠᠵᠠᠷ ᠣᠷᠭᠤᠭᠰᠠᠨ ᠳᠡᠮᠡᠭᠡᠨ ᠰᠡᠭᠦᠯ ᠤᠳ ᠤᠨ ᠣᠩᠭᠢ ᠳᠤ ᠬᠤᠷᠠᠵᠤ ᠨᠢᠭᠳᠠᠷᠠᠨ ᠪᠠᠷᠢᠯᠳᠤᠵᠤ᠂ ᠡᠪᠦᠯ ᠳᠤ ᠮᠠᠯ ᠠᠮᠢᠳᠠᠨ ᠢᠳᠡᠭᠦ ᠡᠪᠠᠰᠤᠨ ᠤ ᠬᠤᠷᠢᠶᠠᠯᠳᠠ ᠪᠣᠯᠵᠤ ᠰᠢᠷᠭᠠᠯᠳᠤᠨ ᠦᠷᠭᠦᠯᠵᠢᠯᠡᠨ᠎ᠡ᠃ ᠢᠩᠭᠢᠭᠡᠳ ᠳᠡᠮᠡᠭᠡᠨ ᠰᠡᠭᠦᠯ ᠨᠢ ᠬᠠᠷᠭᠠᠨ᠎ᠠ ᠶᠢᠨ ᠳᠦᠷᠤᠯ ᠲᠡᠶ ᠪᠠᠨ ᠠᠳᠠᠯᠢ ᠮᠠᠯ ᠤᠨ ᠳᠡᠵᠢᠭᠡᠯ ᠪᠣᠯᠬᠤ ᠪᠠᠷ ᠪᠠᠷᠠᠬᠤ ᠦᠭᠡᠶ᠂ ᠣᠩᠭ᠋ᠤᠷᠠᠯ ᠡᠪᠠᠰᠤ ᠶᠢ ᠨᠠᠮᠤᠷ ᠲᠤ ᠶᠡᠭᠡ ᠭᠡᠮᠵᠢᠶ᠎ᠡ ᠪᠠᠷ ᠬᠤᠷᠢᠶᠠᠵᠤ᠂ ᠰᠢᠷ᠎ᠠ ᠡᠪᠠᠰᠤᠨ ᠤ ᠠᠪᠣᠷᠭᠤ ᠭᠦᠮᠦᠷᠭᠡ ᠶᠢ ᠪᠠᠢ᠌ᠭᠤᠯᠵᠤ᠂ ᠭᠡᠰᠢᠭ᠌ ᠶᠡᠭᠡ ᠮᠠᠯ ᠤᠨ ᠭᠦᠷ ᠴᠠᠰᠤ ᠲᠡᠶ ᠭᠦᠢᠳᠡᠨ ᠡᠪᠦᠯ ᠢ ᠳᠤᠭᠤᠯᠬᠤ ᠳᠤ ᠳᠡᠵᠢᠭᠡᠯ ᠪᠣᠷᠳᠤᠭ᠎ᠠ ᠬᠠᠳᠠᠭᠠᠯᠠᠵᠤ ᠳᠠᠯᠪᠢᠳᠠᠭ᠃ ᠳᠠᠷᠠ ᠬᠠᠳᠠᠭᠤ ᠭᠦᠳᠡᠭᠦᠤ ᠡᠪᠦᠯ ᠤᠨ ᠣᠯᠠᠷᠢᠯ ᠳᠤ ᠠᠳᠤᠭᠤ᠂ ᠢᠮᠠᠭ᠎ᠠ᠂ ᠬᠤᠨᠢ ᠮᠠᠳᠤ ᠭᠦᠯ ᠳᠡᠭᠡᠨ ᠡᠷᠳᠡᠮ ᠲᠡᠶ ᠠᠮᠢᠳᠠᠤᠨ ᠭᠦᠷ ᠴᠠᠰᠤ ᠶᠢ ᠡᠪᠠᠷ ᠳᠤᠭᠤᠷᠠᠢ ᠪᠠᠷ ᠶᠢᠡᠨ ᠮᠠᠯᠳᠠᠨ ᠳᠡᠭᠡᠭᠡᠵᠤ᠂ ᠳᠡᠮᠡᠭᠡᠨ ᠰᠡᠭᠦᠯ ᠤᠨ ᠣᠩᠭᠢ ᠳᠤ ᠳᠠᠷᠤᠭᠳᠠᠭᠰᠠᠨ ᠰᠢᠷ᠎ᠠ ᠣᠩᠭ᠋ᠤᠷᠠᠯ ᠢ ᠴᠢᠳᠠᠮᠠᠭᠠᠢ ᠪᠠᠷ ᠭᠠᠷᠭᠠᠵᠤ᠂ ᠡᠮᠭᠦ ᠡᠮᠭᠦ ᠪᠠᠷ ᠡᠮᠭᠦᠵᠤ᠂ ᠠᠮᠳᠠᠷᠬᠠᠨ ᠢᠳᠡᠭᠦ ᠳᠤ ᠥᠭᠡᠷ ᠳᠡᠮᠡᠭᠡ ᠮᠠᠳᠤ ᠶᠢᠨ ᠦᠪᠡᠷ ᠤᠨ ᠭᠦᠯ ᠶᠢᠡᠷ ᠮᠠᠯᠳᠠᠵᠤ ᠴᠢᠳᠠᠳᠠᠭ ᠦᠭᠡᠶ ᠮᠠᠯ ᠤᠳ ᠬᠠᠷᠢᠨ ᠠᠳᠤᠭᠤ᠂ ᠬᠤᠨᠢ᠂ ᠢᠮᠠᠭ᠎ᠠ ᠵᠡᠷᠭᠡ ᠮᠠᠯᠳᠠᠬᠤ ᠡᠷᠳᠡᠮ ᠲᠡᠶ ᠮᠠᠯ ᠤᠳ ᠪᠠᠯᠴᠢᠭ᠍ᠰᠡᠨ ᠶᠢᠡᠷ ᠳᠠᠭᠠᠵᠤ᠂ ᠢᠯᠠ ᠭᠠᠷᠭᠠᠭᠰᠠᠨ ᠦᠯᠠᠳᠠᠯ ᠣᠩᠭ᠋ᠤᠷᠠᠯ ᠡᠪᠠᠰᠤ ᠶᠢ ᠪᠣᠯᠪᠠᠰᠤᠷᠠᠩᠭ᠋ᠤᠢ ᠪᠠᠷ ᠳᠡᠭᠦᠵᠤ ᠢᠳᠡᠭᠦ ᠶᠢᠨ ᠬᠠᠮᠳᠤ ᠳᠡᠮᠡᠭᠡᠨ ᠰᠡᠭᠦᠯ ᠤᠨ ᠭᠦᠷ ᠴᠠᠰᠤᠨ ᠡᠴᠡ ᠢᠯᠡᠭᠦᠳᠡᠵᠤ ᠭᠠᠷᠤᠭᠰᠠᠨ ᠵᠥᠭᠡᠯᠡᠨ ᠰᠡᠪᠰᠡᠭᠡᠷ ᠪᠦᠴᠢᠷ ᠰᠠᠯᠠᠭ᠎ᠠ ᠶᠢ ᠬᠠᠳᠬᠤᠭᠠᠴᠢ ᠡᠴᠡ ᠠᠶᠤᠳᠠᠭ ᠦᠭᠡᠶ ᠭᠦᠷᠦᠰᠦᠯᠢᠭ᠌ ᠪᠦᠳᠦᠴᠡ ᠲᠡᠶ ᠠᠮᠠ ᠪᠠᠷ ᠶᠢᠡᠨ ᠳᠠᠰᠤᠴᠠ ᠳᠠᠰᠤᠴᠠ ᠪᠠᠷ ᠵᠠᠵᠢᠯᠠᠵᠤ ᠢᠳᠡᠳᠡᠭ᠌᠃ ᠬᠠᠪᠣᠷ ᠲᠤ ᠬᠠᠷᠢᠨ ᠡᠳᠡᠭᠡᠷ ᠳᠠᠪᠤᠨ ᠬᠤᠰᠢᠭᠤ ᠮᠠᠯ ᠬᠠᠷᠢᠯᠴᠠᠨ ᠲᠦᠰᠢᠯᠴᠠᠵᠤ ᠢᠳᠠᠰᠢ ᠡᠷᠢᠭᠦ ᠪᠠᠨ ᠣᠷᠭᠢᠵᠤ᠂ ᠴᠠᠰᠤᠨ ᠬᠠᠢ᠌ᠯᠵᠤ ᠢᠯᠠ ᠭᠠᠷᠤᠭᠰᠠᠨ ᠣᠩᠭ᠋ᠤᠷᠠᠯ ᠤᠨ ᠬᠠᠳᠠᠭᠠᠯᠠᠮᠵᠢ ᠶᠢ ᠰᠢᠨ᠎ᠠ ᠨᠤᠭᠤᠭᠠᠨ ᠭᠠᠷᠴᠤ ᠭᠦᠢᠴᠡᠳᠡᠯᠡ ᠢᠳᠠᠵᠤ᠂ ᠬᠠᠢ᠌ᠯ ᠤᠨ ᠣᠰᠤ ᠪᠠᠷ ᠣᠮᠳᠠ ᠭᠢᠵᠤ᠂ ᠳᠡᠮᠡᠭᠡᠨ ᠰᠡᠭᠦᠯ ᠤᠨ ᠶᠢᠡᠨ ᠳᠤᠯᠠᠭᠠᠨ ᠨᠦᠮᠦᠷᠢ ᠳᠤ ᠬᠠᠪᠣᠷ ᠤᠨ ᠤᠶᠠᠩᠭ᠎ᠠ ᠪᠠᠨ ᠴᠤᠭᠭᠠᠷ ᠶᠢᠡᠨ ᠨᠠᠢ᠌ᠷᠠᠨᠠ᠃ ᠪᠦᠷᠢᠨ ᠮᠠᠠᠳᠤ ᠲᠦᠯᠯᠡᠨ᠎ᠠ᠂ ᠪᠦᠭᠦᠳᠡ ᠪᠠᠷ ᠶᠢᠡᠨ ᠡᠵᠡᠨ ᠶᠢᠡᠨ ᠪᠠᠶᠠᠰᠬᠠᠨ᠎ᠠ᠃ ᠡᠵᠡᠨ ᠨᠢ ᠴᠠᠭᠠᠨ ᠰᠦ᠋ ᠪᠠᠷ ᠳᠡᠮᠡᠭᠡᠨ ᠰᠡᠭᠦᠯ ᠢ ᠡᠪᠦᠯ ᠤᠨ ᠡᠯᠪᠠᠭ᠌ ᠡᠪᠠᠰᠤ ᠭᠡᠵᠤ ᠢᠷᠦᠭᠡᠨ᠎ᠡ᠃ ᠣᠷᠤᠨ ᠭᠠᠵᠠᠷ ᠤᠨ ᠮᠢᠨᠢ ᠴᠢᠮᠡᠭ᠌ ᠭᠡᠵᠤ ᠮᠠᠭᠳᠠᠨ᠎ᠠ᠃ ᠴᠢᠯᠠᠰᠢ ᠦᠭᠡᠶ ᠦᠪ ᠵᠥᠭᠡᠷᠢ ᠶᠢᠨ ᠬᠤᠷᠢᠶᠠᠮᠵᠢ ᠭᠡᠵᠤ ᠵᠦᠩᠨᠠᠨᠠ᠃ ᠴᠠᠭᠯᠠᠰᠢ ᠦᠭᠡᠶ ᠠᠮᠢ ᠠᠬᠤᠢ ᠶᠢᠨ ᠪᠠᠯᠭᠡᠳᠡᠯ ᠭᠡᠵᠤ ᠬᠠᠢ᠌ᠷᠠᠯᠠᠨ᠎ᠠ ︕ ᠡᠭᠦᠷᠢᠳᠡ ᠢᠷᠦᠭᠡᠨ᠎ᠡ︕
ᠲ᠋ᠡᠮᠡᠭᠡᠨ ᠰᠡᠭᠦᠯ ᠭᠡᠭᠦ ᠡᠨᠡ ᠬᠠᠷᠭᠠᠨ᠎ᠠ ᠶᠠᠭᠠᠭᠢᠭᠠᠤᠨ ᠡᠢ᠌ᠮᠦᠷᠭᠦ ᠨᠠᠷᠠ ᠠᠪᠣᠭᠰᠠᠨ ᠪᠣᠢ ᠭᠡᠪᠠᠯ ᠳᠤᠳᠤᠷᠬᠠᠢ ᠭᠡᠯᠡᠭ᠍ᠳᠡᠭᠦ ᠳᠤᠮᠤᠭ ᠥᠯᠢᠭᠡᠷ ᠲᠡᠶ ᠶᠤᠮ᠃ ᠳᠤᠪᠰᠢᠭᠤᠷ ᠳᠤᠪᠰᠢᠭᠤᠷᠳᠠᠭᠠᠤᠨ ᠬᠠᠢ᠌ᠯᠠᠪᠠᠯ ᠳᠤᠤᠯᠢᠰ ᠨᠢ ᠪᠠᠢ᠌ᠨ᠎ᠠ᠃
ᠡᠷᠳᠡ ᠣᠷᠢᠳᠤ ᠴᠠᠭ ᠲᠤ ᠭᠡᠨ᠎ᠡ᠃ ᠰᠢᠷ᠎ᠠ ᠵᠠᠭ ᠡᠯᠢᠭᠡᠳᠡᠭ᠍ᠰᠡᠨ ᠰᠢᠷᠭᠠᠯ ᠡᠯᠡᠰᠤᠨ ᠲᠤᠬᠤᠢ᠌ᠯᠡᠩ ᠲᠡᠶ ᠪᠣᠳᠤ ᠠᠭᠤᠯᠠ ᠳᠤ ᠳᠠᠯᠳᠠᠩ ᠬᠠᠷ᠎ᠠ ᠪᠣᠤᠷ᠎ᠠ ᠳᠤᠯᠤᠭᠠᠢ᠌ᠯᠠᠭᠰᠠᠨ ᠳᠠᠪᠢᠨ ᠣᠯᠠᠭᠠᠨ ᠳᠡᠮᠡᠭᠡ ᠲᠡᠶ ᠳᠠᠷᠭᠤᠨ ᠪᠣᠷᠤ ᠡᠮᠡᠭᠡᠨ ᠣᠪᠣᠬᠠᠢ ᠭᠡᠷ ᠪᠠᠷᠢᠭᠠᠤᠨ ᠠᠵᠤ ᠳᠦᠷᠤᠨ ᠰᠠᠭᠤᠵᠤ ᠪᠠᠢ᠌ᠵᠠᠢ ᠭᠡᠨ᠎ᠡ᠃ ᠡᠨᠡ ᠡᠮᠡᠭᠡᠨ ᠤ ᠡᠪᠦᠭᠡᠨ ᠶᠠᠭᠠᠭᠢᠯ᠎ᠠ ᠭᠡᠭᠦᠯ᠎ᠡ ᠬᠠᠭᠠᠨ ᠨᠤᠳᠤᠭ ᠲᠤ ᠬᠠᠯᠳᠠᠬᠤ ᠪᠠᠷ ᠢᠷᠡᠭ᠍ᠰᠡᠨ ᠳᠠᠢ᠌ᠰᠤᠨ ᠲᠡᠶ ᠪᠠᠢ᠌ᠯᠳᠤᠬᠤ ᠪᠠᠷ ᠶᠠᠪᠣᠭᠠᠤᠨ ᠨᠠᠰᠤ ᠪᠠᠷᠠᠯ᠎ᠠ ᠭᠡᠨ᠎ᠡ᠃ ᠬᠡᠦᠬᠡᠳ ᠨᠢ ᠶᠠᠭᠠᠭᠢᠯ᠎ᠠ ᠭᠡᠭᠦᠯ᠎ᠡ ᠶᠡᠭᠡ ᠭᠦᠪᠠᠭᠦᠨ ᠨᠢ ᠶᠢᠰᠤᠠ᠊ᠬᠤᠤᠠᠳᠠᠭ ᠭᠡᠭ᠍ᠴᠢ ᠬᠠᠭᠠᠨ ᠤ ᠰᠠᠩ ᠤᠨ ᠠᠳᠤᠭᠤᠨ ᠤ ᠮᠠᠨᠠᠭᠠᠨ ᠳᠤ ᠭᠠᠷᠤᠭᠠᠤᠨ ᠠᠷᠪᠠᠨ ᠵᠢᠯ ᠳᠡᠭᠡᠨ ᠪᠠᠰᠠ ᠬᠠᠷᠢᠵᠤ ᠢᠷᠡᠭᠡᠳ ᠦᠭᠡᠶ ᠭᠡᠨ᠎ᠡ᠃ ᠭᠡᠦᠭᠡᠨ ᠨᠢ ᠬᠠᠷᠠᠨᠢᠳᠤᠨ ᠡᠮᠦᠨ᠎ᠡ ᠠᠭᠤᠯᠠ ᠶᠢᠨ ᠬᠠᠳᠠᠭᠤᠴᠢ ᠪᠠᠶᠠᠨ ᠤ ᠭᠦᠪᠠᠭᠦᠨ ᠪᠠᠷᠠᠭᠴᠢ ᠳᠤ ᠮᠤᠷᠳᠠᠭᠠᠤᠨ ᠳᠠᠪᠤᠨ ᠵᠢᠯ ᠳᠡᠭᠡᠨ ᠴᠤ ᠨᠢᠭᠡ ᠣᠳᠠᠭ᠎ᠠ ᠪᠣᠴᠠᠵᠤ ᠢᠷᠡᠭᠡᠳ ᠦᠭᠡᠶ ᠭᠡᠨ᠎ᠡ᠃ ᠡᠪᠦᠭᠡᠨ ᠳᠡᠭᠡᠨ ᠭᠠᠰᠢᠭᠤᠳᠠᠭᠠᠤᠨ ᠬᠡᠦᠬᠡᠳ ᠲᠡᠭᠡᠨ ᠭᠤᠮᠤᠳᠠᠭᠠᠤᠨ ᠪᠣᠷᠤ ᠡᠮᠡᠭᠡᠨ᠂ ᠪᠣᠳᠤ ᠭᠡᠳᠡᠭ᠌ ᠠᠭᠤᠯᠠ ᠳᠤ ᠪᠣᠳᠠ ᠭᠤᠤᠯ ᠲᠡᠶ ᠮᠠᠯ ᠶᠢᠡᠨ ᠥᠰᠭᠡᠵᠤ ᠰᠠᠭᠤᠬᠤ ᠳᠠᠭᠠᠨ ᠳᠠᠪᠢᠯᠠᠩ ᠢ ᠮᠢᠨᠢ ᠳᠡᠭ᠍ᠷᠢ ᠮᠠᠳᠠᠨ᠎ᠠ ᠭᠡᠳ ᠳᠡᠰᠭᠡᠨ᠎ᠡ ᠵᠠᠭ ᠢ ᠠᠮᠳᠠᠯᠢᠭ ᠳᠡᠵᠢᠭᠡᠯ ᠪᠣᠯᠭᠠᠵᠤ ᠴᠦᠯ ᠳᠤ ᠴᠢᠳᠠᠮᠠᠭᠠᠢ ᠶᠠᠪᠣᠳᠠᠭ ᠳᠡᠮᠡᠭᠡᠨ ᠭᠡᠮᠡᠭ᠍ᠴᠢ ᠮᠠᠯ ᠢ ᠲᠦᠮᠡ ᠭᠦᠷᠭᠡᠨ᠎ᠡ ᠪᠢ ᠭᠡᠵᠤ ᠰᠡᠳᠭᠢᠯ ᠬᠠᠯᠠᠭᠤᠨ ᠵᠤᠷᠢᠭ ᠶᠢᠡᠷ ᠴᠢᠩᠭ᠎ᠠ ᠴᠢᠷᠮᠠᠢ᠌ᠵᠤ ᠭᠡᠳᠤ ᠭᠡᠳᠤᠨ ᠵᠢᠯ ᠤᠨ ᠨᠢᠭᠤᠷ ᠦᠵᠡᠯ᠎ᠠ ᠭᠡᠨ᠎ᠡ᠃ ᠭᠡᠳᠡᠯ᠎ᠡ ᠳᠠᠷᠠ ᠨᠢᠭᠡ ᠵᠢᠯ ᠪᠣᠳᠤ ᠠᠭᠤᠯᠠ ᠳᠤ ᠶᠡᠭᠡ ᠭᠠᠩ ᠪᠣᠯᠵᠤ ᠠᠮᠢᠳᠠᠨ ᠳᠡᠰᠭᠦ ᠶᠢᠨ ᠠᠷᠭ᠎ᠠ ᠦᠭᠡᠶ ᠪᠣᠯᠬᠤ ᠳᠤ ᠳᠡᠮᠡᠭᠡᠳ ᠨᠢ ᠣᠰᠤ ᠣᠮᠳᠠ᠂ ᠰᠡᠷᠢᠭᠦᠨ ᠭᠠᠵᠠᠷ ᠬᠠᠢ᠌ᠵᠤ ᠬᠠᠷᠢᠭᠤᠯᠭ᠎ᠠ ᠬᠠᠰᠢᠯᠳᠠ ᠭᠦᠯᠢᠶᠡᠭᠦ ᠦᠭᠡᠶ ᠵᠢᠯᠢ᠌ᠭᠡᠳ ᠦᠭᠭᠦᠭ᠍ᠰᠡᠨ ᠶᠤᠮ ᠭᠡᠨ᠎ᠡ᠃ ᠡᠭᠦᠨ ᠳᠤ ᠵᠤᠷᠢᠮᠠᠭ ᠪᠣᠷᠤ ᠡᠮᠡᠭᠡᠨ ᠪᠣᠳᠤᠭ ᠣᠯᠠᠭᠠᠨ ᠴᠠᠢ ᠪᠠᠨ ᠣᠤᠭᠤᠭᠠᠤᠨ ᠪᠠᠯ ᠳᠤ ᠡᠯᠳᠡᠭ᠍ᠰᠡᠨ ᠳᠠᠯᠬ᠎ᠠ ᠪᠠᠨ ᠢᠳᠠᠵᠤ᠂ ᠪᠠᠰᠠ ᠭᠡᠳᠤᠨ ᠡᠳᠦᠷ ᠤᠨ ᠭᠦᠩᠭᠡᠨ ᠭᠦᠨᠡᠰᠤ ᠪᠠᠨ ᠪᠡᠯᠡᠳᠭᠡᠵᠤ᠂ ᠬᠠᠠᠵᠢᠨ ᠭᠦᠭᠡ ᠠᠳᠠ ᠪᠠᠨ ᠣᠨᠤᠵᠤ ᠭᠠᠵᠠᠷᠴᠢᠯᠠᠭᠰᠠᠨ ᠳᠡᠮᠡᠭᠡᠳ ᠤᠨ ᠶᠢᠡᠨ ᠠᠷᠤ ᠡᠴᠡ ᠪᠣᠤᠭᠢᠶ᠎ᠠ ᠬᠤᠷᠳᠤ ᠪᠠᠷ ᠭᠦᠶᠦᠯᠭᠡᠭ᠍ᠰᠡᠨ ᠶᠤᠮ ᠭᠡᠨ᠎ᠡ᠃ ᠭᠡᠪᠠᠴᠤ ᠪᠠᠢ᠌ᠭᠠᠯᠢ ᠶᠢᠨ ᠵᠠᠩ ᠭᠡᠨᠡᠳᠲᠡ ᠬᠤᠪᠢᠷᠠᠵᠤ ᠯᠤᠤᠰᠳᠤ ᠶᠢᠨ ᠠᠭᠤᠷ ᠰᠢᠷᠦᠭᠦᠨ ᠳᠡᠭ᠍ᠳᠡᠭ᠍ᠰᠡᠨ ᠡᠴᠡ ᠪᠣᠯᠪᠠᠤ︖ ᠪᠣᠤ ᠮᠠᠳᠠ᠂ ᠭᠠᠩᠳᠠᠵᠤ ᠪᠠᠢ᠌ᠭᠰᠠᠨ ᠳᠡᠯᠡᠭᠡᠢ ᠬᠤᠷ᠎ᠠ ᠮᠦᠨᠳᠤᠷ ᠲᠤ ᠊ᠭ᠍ᠱᠡᠨ ᠵᠠᠭᠤᠷ᠎ᠠ ᠳᠠᠪᠳᠠᠵᠤ᠂ ᠦᠶᠡᠷ ᠤᠨ ᠣᠰᠤᠨ ᠳᠤ ᠬᠠᠮᠤᠭ ᠠᠮᠢᠳᠠᠨ ᠭᠡᠯᠡ ᠦᠭᠡᠶ ᠵᠠᠯᠭᠢᠭᠳᠠᠬᠤ ᠵᠡᠳᠭᠡᠷ ᠲᠡᠶ ᠪᠣᠯᠵᠤ ᠢᠷᠠᠯ᠎ᠠ᠃ ᠵᠠᠮ ᠳᠤ ᠭᠠᠷᠤᠭᠰᠠᠨ ᠪᠣᠷᠤ ᠡᠮᠡᠭᠡᠨ᠂ ᠵᠤᠷᠢᠮᠠᠭ ᠬᠠᠳᠠᠨ ᠵᠤᠷᠢᠭ ᠶᠢᠡᠷ ᠶᠢᠡᠨ ᠠᠶᠤᠮᠰᠢᠭ ᠪᠦᠭᠦᠨ ᠢ ᠰᠤᠷᠠᠵᠤ ᠴᠢᠳᠠᠯ ᠲᠡᠶ ᠭᠦᠭᠡ ᠠᠳᠠ ᠪᠠᠷ ᠶᠢᠡᠨ ᠵᠠᠮ ᠤᠨ ᠬᠤᠯᠠ ᠶᠢ ᠡᠪᠭᠡᠵᠤ᠂ ᠭᠦᠡᠳᠡᠢ ᠭᠤᠪᠢ ᠶᠢ ᠭᠠᠳᠤᠯᠠᠭᠠᠤᠨ ᠢᠷᠡᠭᠦᠯ᠎ᠡ ᠡᠮᠦᠨ᠎ᠡ ᠨᠢ ᠬᠠᠷᠠᠰᠠᠯᠳᠠᠢ ᠥᠵᠡᠭ᠍ᠳᠡᠯ ᠵᠢᠷᠦᠭᠡ ᠴᠡᠴᠡᠷᠡᠭᠦᠯᠤᠨ ᠢᠯᠡᠷᠭ᠍ᠰᠡᠨ ᠪᠠᠢ᠌ᠨ᠎ᠠ᠃ ᠳᠤᠭᠰᠢᠨ ᠬᠤᠷ᠎ᠠ ᠰᠢᠷᠦᠭᠦᠨ ᠮᠦᠨᠳᠤᠷ ᠨᠢᠭᠡ ᠬᠤᠳᠤᠭᠤᠷ ᠳᠦᠭᠦᠷᠡᠮᠡ ᠭᠠᠵᠠᠷ ᠲᠤ ᠶᠡᠭᠡᠪᠠᠷ ᠡᠭᠡᠷᠡᠭ᠍ᠳᠡᠨ ᠣᠷᠤᠭᠰᠠᠨ ᠪᠣᠯᠤᠯᠳᠠᠢ᠂ ᠨᠤᠤᠰᠤ ᠨᠢ ᠬᠠᠭᠵᠠᠷᠠᠵᠤ ᠣᠨᠠᠭᠠᠤᠨ ᠱᠠᠯᠳᠠᠩᠷᠠᠭᠰᠠᠨ ᠳᠡᠮᠡᠭᠡᠳ ᠨᠢ ᠣᠰᠤᠨ ᠴᠠᠠᠳᠠᠭ ᠲᠤ ᠥᠭᠦᠢᠭᠡᠳ ᠣᠰᠤ ᠣᠤᠭᠤᠭᠰᠠᠨ ᠪᠠᠢ᠌ᠷᠢ ᠪᠠᠢ᠌ᠷᠢᠨ ᠳᠠᠭᠠᠨ ᠣᠢ᠌ᠳᠤᠵᠤ ᠥᠭᠦᠭ᠍ᠰᠡᠨ ᠪᠠᠢ᠌ᠯ᠎ᠠ᠃ ᠣᠮᠳᠠᠭᠠᠰᠴᠤ ᠬᠠᠭᠰᠠᠭᠰᠠᠨ ᠳᠡᠮᠡᠭᠡᠳ ᠤᠨ ᠶᠢᠡᠨ ᠬᠠᠷᠠᠰᠠᠯᠳᠠᠢ ᠥᠭᠦᠯ ᠳᠤ ᠭᠠᠰᠢᠭᠤᠳᠠᠭᠰᠠᠨ ᠪᠣᠷᠤ ᠡᠮᠡᠭᠡᠨ ᠄ 《ᠳᠠᠯᠳᠠᠩ ᠬᠠᠷ᠎ᠠ ᠪᠣᠤᠷ᠎ᠠ ᠮᠢᠨᠢ᠂ ᠳᠠᠪᠢᠨ ᠣᠯᠠᠭᠠᠨ ᠳᠡᠮᠡᠭᠡ ᠮᠢᠨᠢ᠂ ᠭᠦᠭᠡ ᠠᠳᠠᠨ ᠪᠢᠳᠠᠨ ᠬᠤᠶᠠᠷ ᠢ ᠭᠦᠳᠡᠭᠡ ᠶᠢᠨ ᠪᠣᠳᠠᠨ ᠳᠤ ᠬᠠᠶᠠᠵᠤ ᠣᠷᠭᠢᠭᠠᠤᠨ ᠭᠠᠩ ᠡᠴᠡ ᠵᠤᠯᠠᠭᠠᠤᠨ ᠭᠠᠵᠠᠷᠴᠢᠯᠠᠪᠠᠤ︖ ᠭᠠᠮᠰᠢᠭ ᠲᠤ ᠣᠴᠠᠷᠠᠭᠠᠤᠨ ᠳᠠᠯᠠᠢ᠌ᠴᠢᠬᠠᠪᠠᠤ︖ ᠰᠦᠨᠠᠰᠤ ᠶᠢ ᠳᠠᠨᠢ ᠬᠠᠮᠢᠭ᠎ᠠ ᠡᠴᠡ ᠥᠵᠡᠭᠦ ᠪᠣᠢ︖ ᠰᠡᠭᠦᠳᠡᠷ ᠢ ᠳᠠᠨᠢ ᠭᠡᠵᠢᠶ᠎ᠡ ᠳᠤᠯᠢᠯᠠᠬᠤ ᠪᠣᠢ︖ ᠳᠡᠭ᠍ᠷᠢ ᠦᠷᠤᠰᠢᠶᠠ᠂ ᠭᠠᠵᠠᠷ ᠢᠪᠠᠭᠡ︕ ᠬᠠᠷ᠎ᠠ ᠡᠪᠦᠭᠡᠨ ᠤ ᠮᠢᠨᠢ ᠮᠠᠯ ᠤᠨ ᠪᠠᠯᠴᠢᠭᠡᠷ ᠲᠤ ᠬᠠᠮᠤᠭ ᠳᠡᠮᠡᠭᠡᠳ ᠤᠨ ᠮᠢᠨᠢ ᠰᠡᠭᠦᠯ ᠰᠢᠭ᠌ ᠡᠷᠳᠡᠢ᠌ᠭ᠍ᠰᠡᠨ ᠣᠷᠤᠭᠤᠮᠠᠯ ᠣᠷᠭᠤᠳᠤᠭᠠᠢ᠃ ᠶᠠᠭᠠᠭᠢᠭᠠᠤᠨ ᠭᠡᠭᠦᠯ᠎ᠡ ᠴᠢᠮ᠎ᠠ ᠶᠢ ᠣᠯᠵᠤ ᠥᠵᠡᠭ᠍ᠰᠡᠨ ᠭᠦᠮᠦᠰ ᠪᠣᠷᠤ ᠡᠮᠡᠭᠡᠨ ᠤ ᠳᠡᠮᠡᠭᠡᠨ ᠤ ᠰᠡᠭᠦᠯ ᠪᠢᠯᠠ ᠭᠡᠭᠦ ᠯᠠ ᠪᠣᠯᠳᠤᠭᠠᠢ︕ ᠪᠦᠭᠦ ᠶᠢ ᠨᠢ ᠳᠠᠭᠤᠷᠢᠶᠠᠭᠰᠠᠨ ᠪᠣᠠᠳᠤᠭᠤᠷ ᠪᠣᠠᠳᠤᠭᠤᠷ ᠵᠠᠭᠵᠠᠭᠠᠮᠠᠯ ᠳᠠᠰᠭᠢᠨᠠ ᠣᠷᠭᠤᠳᠤᠭᠠᠢ︕ ᠳᠡᠮᠡᠭᠡᠨ ᠰᠦᠷᠦᠭ᠌ ᠢᠳᠡᠭᠦ ᠳᠡᠭᠡᠨ ᠳᠠᠷᠭᠤᠨ ᠪᠣᠯᠳᠤᠭᠠᠢ ︕ ᠬᠤᠵᠢᠷᠰᠢᠳᠠᠭ ᠦᠭᠡᠶ ᠪᠣᠯᠳᠤᠭᠠᠢ ︕ ᠶᠠᠭᠤᠨ ᠳᠤ ᠭᠡᠭᠦᠯ᠎ᠡ ᠪᠣᠷᠤ ᠡᠮᠡᠭᠡᠨ ᠶᠠᠷᠤᠨᠢ ᠳᠠᠷᠭᠤᠨ ᠭᠦᠮᠤᠨ ᠪᠢᠯᠠ᠂ ᠠᠮᠳᠠᠳᠠᠢ ᠴᠠᠢ ᠶᠡᠭᠡ ᠣᠤᠭᠤᠳᠠᠭ ᠭᠦᠮᠤᠨ ᠪᠢᠯᠠ ᠭᠡᠯᠳᠡᠭᠡᠳ ᠳᠤᠷᠠᠰᠬᠤ ᠪᠣᠯᠳᠤᠭᠠᠢ︕ ᠳᠡᠭ᠍ᠷᠢ ᠦᠷᠤᠰᠢᠶᠠ᠂ ᠭᠠᠵᠠᠷ ᠢᠪᠠᠭᠡ︕ ᠭᠦᠪᠠᠭᠦᠨ ᠤ ᠮᠢᠨᠢ ᠨᠠᠷᠠ ᠶᠢ ᠮᠥᠩᠭᠡᠯᠡᠭᠦ ᠶᠢᠨ ᠲᠦᠯᠦᠭᠡᠨ ᠳᠤ ᠳᠡᠮᠡᠭᠡᠨ ᠰᠡᠭᠦᠯ ᠶᠠᠷᠤᠨᠢ ᠭᠠᠵᠠᠷ ᠪᠦᠭᠦᠨ ᠳᠤ ᠣᠯᠠᠨ ᠣᠷᠭᠤᠳᠤᠭᠠᠢ︕ ᠭᠡᠦᠭᠡᠨ ᠤ ᠮᠢᠨᠢ ᠳᠤᠷᠠᠳᠠᠢ ᠫᠠᠢ᠌ᠳᠠᠢ ᠶᠢᠨ ᠴᠡᠴᠡᠭ᠌ ᠳᠡᠮᠡᠭᠡᠨ ᠰᠡᠭᠦᠯ ᠳᠤ ᠵᠡᠭᠦᠭ᠍ᠳᠡᠭᠦ ᠪᠣᠯᠳᠤᠭᠠᠢ︕ ᠳᠡᠭ᠍ᠷᠢ ᠦᠷᠤᠰᠢᠶᠠ᠂ ᠭᠠᠵᠠᠷ ᠢᠪᠠᠭᠡ︕ ᠬᠠᠷ᠎ᠠ ᠰᠠᠨᠠᠭᠠᠳᠠᠨ ᠤ ᠳᠠᠷᠤᠯᠭ᠎ᠠ ᠪᠣᠯᠵᠤ ᠬᠠᠳᠬᠤᠭᠠᠴᠢ ᠨᠢ ᠣᠯᠠᠨ ᠪᠣᠯᠳᠤᠭᠠᠢ︕ ᠬᠠᠯᠠᠭᠤᠨ ᠠᠮᠢ ᠶᠢ ᠣᠷᠳᠤ ᠪᠣᠯᠭᠠᠬᠤ ᠶᠢᠨ ᠪᠠᠯᠭᠡᠳᠡᠯ ᠦᠨᠳᠦᠰᠦ ᠨᠢ ᠰᠦᠯᠵᠢᠶ᠎ᠠ ᠪᠣᠯᠳᠤᠭᠠᠢ︕ ᠴᠠᠭᠯᠠᠰᠢ ᠦᠭᠡᠶ ᠣᠯᠠᠨ ᠮᠠᠯ ᠤᠨ ᠳᠡᠵᠢᠭᠡᠯ ᠪᠣᠯᠵᠤ ᠡᠷᠭᠢᠮᠨᠡᠭ᠍ᠳᠡᠵᠤ ᠶᠠᠪᠣᠬᠤ ᠪᠣᠯᠳᠤᠭᠠᠢ ︕ ᠳᠡᠭ᠍ᠷᠢ ᠦᠷᠤᠰᠢᠶᠠ᠂ ᠭᠠᠵᠠᠷ ᠢᠪᠠᠭᠡ︕》 ᠭᠡᠵᠤ ᠪᠣᠷᠪᠢ ᠳᠡᠭᠠᠨ ᠭᠢᠵᠤ ᠶᠠᠪᠣᠭᠰᠠᠨ ᠠᠢ᠌ᠷᠠᠭ ᠶᠢᠡᠨ ᠭᠠᠷᠭᠠᠵᠤ ᠳᠡᠭ᠍ᠷᠢ ᠭᠠᠵᠠᠷ ᠲᠤ ᠰᠠᠴᠤᠯᠢ ᠡᠷᠭᠦᠭᠡᠳ ᠣᠭᠢᠯᠠᠭᠠᠤᠨ ᠪᠠᠢ᠌ᠬᠤᠯ᠎ᠠ ᠡᠴᠢᠭᠡ ᠳᠡᠭ᠍ᠷᠢ ᠦᠷᠤᠰᠢᠶᠠᠵᠤ᠂ ᠡᠭᠡ ᠭᠠᠵᠠᠷ ᠢᠪᠠᠭᠡᠭᠡᠳ ᠠᠭᠠᠷ ᠲᠤ ᠮᠦᠨ ᠳᠤᠤᠷ᠎ᠠ ᠪᠠᠨ ᠬᠤᠪᠢᠷᠠᠯᠳᠠ ᠭᠠᠷᠴᠤ ᠳᠤᠯᠠᠭᠠᠷᠠᠭᠠᠤᠨ᠂ ᠭᠦᠷ ᠮᠦᠨᠳᠤᠷ ᠬᠠᠢ᠌ᠯᠠᠭᠠᠤᠨ ᠭᠦᠯᠳᠡᠵᠤ ᠥᠭᠦᠭ᠍ᠰᠡᠨ ᠳᠡᠮᠡᠭᠡᠳ ᠨᠢ ᠠᠮᠢᠳᠤᠷᠠᠨ ᠪᠣᠰᠴᠤ ᠭᠦᠶᠦᠯᠳᠤᠨ ᠴᠤᠭᠯᠠᠷᠠᠭᠠᠤᠨ ᠭᠡᠷ ᠳᠠᠯ᠎ᠠ ᠪᠠᠨ ᠬᠠᠷᠢᠪᠠ ᠭᠡᠨ᠎ᠡ᠃ ᠮᠦᠨ ᠳᠡᠷᠡᠭᠡᠨ ᠵᠠᠭᠤᠷ᠎ᠠ ᠳᠠᠯ᠎ᠠ ᠭᠦᠳᠡᠭᠡ ᠪᠠᠷ ᠳᠦᠭᠦᠷᠡᠩ ᠳᠡᠮᠡᠭᠡᠨ ᠰᠡᠭᠦᠯ ᠭᠡᠳᠡᠭ᠌ ᠬᠠᠷᠠᠭᠠᠨ᠎ᠠ ᠣᠷᠭᠤᠭᠠᠤᠨ ᠪᠣᠷᠤ ᠡᠮᠡᠭᠡᠨ ᠤ ᠵᠥᠩᠨᠡᠭ᠍ᠰᠡᠨ ᠶᠤᠰᠤᠭᠠᠷ ᠭᠠᠩᠬᠤᠭᠠᠤᠨ ᠪᠠᠢ᠌ᠪᠠ ᠭᠡᠨ᠎ᠡ᠃ ᠢᠩᠭᠡᠭᠡᠳ ᠪᠣᠷᠤ ᠡᠮᠡᠭᠡᠨ ᠪᠣᠴᠠᠬᠤ ᠵᠠᠮ ᠳᠠᠭᠠᠨ ᠄ 《ᠦᠨᠡᠨ ᠭᠦᠳᠡᠯᠮᠦᠷᠢ ᠡᠵᠡᠨ ᠶᠢᠡᠨ ᠳᠡᠵᠢᠭᠡᠨ᠎ᠡ᠂ ᠢᠷᠠᠭᠤ ᠭᠦᠰᠡᠯᠡᠩ ᠢᠳᠡᠭᠡᠯ ᠶᠢᠡᠷ ᠠᠮᠢᠯᠠᠨ᠎ᠠ ︕ ᠪᠣᠶᠠᠨ ᠭᠡᠰᠢᠭ᠌ ᠶᠢᠡᠨ ᠳᠠᠭᠤᠳᠠᠭᠠᠤᠨ ᠪᠠᠢ᠌ᠶ᠎ᠠ᠂ ᠭᠤᠮᠤᠳᠠᠭᠠᠵᠤ ᠪᠣᠯᠬᠤ ᠦᠭᠡᠶ︕》 ᠭᠡᠵᠤ ᠬᠠᠷᠭᠤᠯᠳᠤᠭᠰᠠᠨ ᠪᠦᠭᠦᠨ ᠳᠡᠭᠡᠨ ᠶᠠᠷᠢᠭᠠᠤᠨ ᠭᠦᠭᠡᠷᠦᠭᠡᠳ ᠶᠠᠪᠣᠭᠰᠠᠨ ᠭᠡᠳᠡᠭ᠌ ᠪᠢᠯᠠ᠃
ᠬᠨ︕ ᠳᠤᠮᠤᠭ ᠲᠡᠶ ᠳᠤᠤᠯᠢᠰ ᠲᠡᠶ ᠳᠡᠮᠡᠭᠡᠨ ᠰᠡᠭᠦᠯ᠂ ᠳᠡᠵᠢᠭᠡᠯ ᠲᠡᠶ ᠰᠢᠮ᠎ᠠ ᠲᠡᠶ ᠮᠠᠯ ᠤᠨ ᠪᠣᠷᠳᠤᠭ᠎ᠠ︕ ᠪᠣᠳᠤᠬᠤ ᠳᠤ ᠴᠠᠭᠠᠨ᠎ᠠ ᠪᠠᠨ ᠵᠠᠩᠭ᠋ᠠᠷᠯᠢᠭ ᠪᠣᠮᠪᠠ ᠶᠢᠨ ᠣᠷᠤᠨ ᠤ ᠮᠢᠨᠢ ᠣᠷᠭᠤᠮᠠᠯ ᠠᠵᠠᠢ᠃
ᠲ᠋ᠡᠮᠡᠭᠡᠨ ᠰᠡᠭᠦᠯ᠂ ᠳᠡᠮᠡᠭᠡᠨ ᠰᠡᠭᠦᠯ ᠮᠢᠨᠢ︕ ᠳᠡᠭᠦᠨ ᠳᠤ ᠬᠠᠳᠠ ᠶᠢᠨ ᠳᠤᠰᠢᠯ ᠰᠢᠭ ᠠᠮᠳᠠᠯᠢᠭ ᠵᠢᠮᠢᠰ ᠪᠠᠢ᠌ᠭ᠎ᠠ ᠦᠭᠡᠶ ᠴᠤ ᠪᠣᠳᠠ ᠰᠢᠭᠢᠷ᠎ᠠ ᠮᠠᠯ ᠤᠨ ᠬᠠᠵᠠᠭᠠᠤᠨ ᠳᠠᠰᠤᠴᠢᠭᠠᠤᠨ ᠢᠳᠡᠭᠦ ᠪᠦᠴᠢᠷ ᠨᠠᠮᠠᠭ᠎ᠠ ᠲᠡᠶ ᠪᠢᠯᠠ᠃ ᠬᠤᠳᠠ ᠳᠤ ᠰᠠᠭᠯᠠᠷᠠᠬᠤ ᠣᠠᠵᠢᠭᠠᠷ ᠣᠳᠠ ᠰᠢᠭ ᠭᠤᠸ᠎ᠠ ᠳᠦᠷᠭᠦ ᠶᠢ ᠵᠠᠶᠠᠭᠠᠨ ᠳᠠᠭᠠᠨ ᠭᠦᠷᠳᠡᠭ᠍ᠰᠡᠨ ᠦᠭᠡᠶ ᠴᠤ ᠥᠵᠡᠭᠦ ᠳᠤ ᠡᠭᠡᠯ᠂ ᠬᠠᠷᠠᠬᠤ ᠳᠤ ᠪᠣᠷᠤᠭᠵᠢᠭᠤᠨ᠂ ᠴᠦᠯ ᠳᠤ ᠴᠢᠳᠠᠳᠠᠭ ᠣᠷᠭᠤᠮᠠᠯ ᠪᠢᠯᠠ᠃ ᠥᠨᠡᠭᠡᠷ ᠴᠤ ᠬᠠᠷᠭᠠᠨ᠎ᠠ ᠶᠢᠨ ᠳᠤᠳᠤᠷᠠᠭᠢ 《ᠭᠦᠳᠡᠭᠡ ᠶᠢᠨ ᠪᠠᠭᠠᠳᠤᠷᠯᠢᠭ ᠪᠦᠰᠡᠭᠦᠢ》 ᠮᠦᠨ ᠪᠢᠯᠠ︕ ᠡᠪᠦᠯ ᠳᠤ ᠮᠠᠯ ᠤᠨ ᠦᠯ᠂ ᠬᠠᠪᠣᠷ ᠲᠤ ᠡᠪᠠᠰᠤᠨ ᠤ ᠣᠷᠤ ᠪᠢᠯᠠ᠃ ᠭᠦᠢᠳᠡᠨ ᠳᠤ ᠮᠠᠯ ᠤᠨ ᠨᠦᠮᠦᠷᠢ᠂ ᠰᠢᠭᠤᠷᠭᠠᠨ ᠳᠤ ᠳᠤᠯᠠᠭᠠᠨ ᠬᠠᠯᠬᠠᠪᠴᠢ ᠪᠢᠯᠠ᠃ ᠶᠤᠰᠤᠳᠠᠢ ᠭᠠᠵᠠᠷ ᠤᠨ ᠳᠤᠷᠭᠠᠨ ᠭᠦᠡᠵᠢᠯᠡ᠂ ᠭᠦᠪᠦᠩ ᠲᠡᠶ ᠳᠤᠯᠠᠭᠠᠨ ᠭᠦᠡᠵᠢᠯᠡ ᠭᠡᠵᠤ ᠮᠠᠳᠠ᠃ ᠳᠠᠷᠠ ᠪᠠᠢ᠌ᠭᠰᠠᠨ ᠭᠠᠵᠠᠷ ᠲᠤ ᠮᠠᠯ ᠳᠠᠷᠭᠤᠨ ᠭᠡᠵᠤ ᠪᠣᠳᠤ᠃ ᠳᠠᠷᠠᠴᠢᠯᠠᠨ ᠳᠡᠮᠡᠭᠡᠨ ᠰᠡᠭᠦᠯ ᠳᠤ ᠡᠮ ᠤᠨ ᠣᠢ᠌ᠯᠠᠳᠤᠯ ᠲᠡᠶ ᠭᠡᠵᠤ ᠡᠷᠳᠡᠨ ᠤ ᠮᠤᠩᠭ᠋ᠤᠯᠴᠤᠳ ᠢᠯᠡᠷᠡᠭᠦᠯᠵᠡᠢ ᠭᠡᠨ᠎ᠡ᠃ ᠮᠠᠯ ᠤᠨ ᠭᠠᠯ ᠤᠨ ᠰᠢᠷᠬ᠎ᠠ ᠶᠢ ᠳᠡᠮᠡᠭᠡᠨ ᠰᠡᠭᠦᠯ ᠤᠨ ᠦᠨᠳᠦᠰᠦᠨ ᠤ ᠦᠨᠡᠰᠤ ᠲᠡᠶ ᠨᠠᠢ᠌ᠷᠠᠭᠤᠯᠤᠭᠰᠠᠨ ᠵᠤᠷᠬᠠᠨ ᠤ ᠳᠤᠰᠤ ᠪᠠᠷ ᠰᠢᠪᠰᠢᠨ ᠡᠮᠨᠡᠪᠠᠯ ᠳᠦᠷᠭᠡᠨ ᠡᠳᠡᠭᠡᠨ᠎ᠡ ᠭᠡᠯᠡ᠃ ᠭᠦᠮᠤᠨ ᠤ ᠳᠤᠯᠤᠭᠠᠢ ᠶᠢᠨ ᠬᠤᠵᠢᠭᠠᠷ ᠭᠡᠮ ᠢ ᠪᠣᠴᠠᠯᠭᠠᠵᠤ ᠰᠢᠷᠭᠢᠭᠡᠭᠡᠳ ᠣᠩᠭᠢ ᠶᠢ ᠨᠢ ᠠᠪᠣᠭᠠᠤᠨ ᠬᠠᠭᠤᠴᠢᠨ ᠰᠢᠷ᠎ᠠ ᠳᠤᠰᠤ ᠲᠡᠶ ᠬᠤᠯᠢᠵᠤ ᠳᠦᠷᠭᠢᠭᠦ ᠵᠠᠰᠠᠯ ᠭᠢᠭᠦᠯ᠎ᠡ ᠦᠷ᠎ᠡ ᠳ᠋ᠦ᠋ᠩ ᠨᠢ ᠰᠠᠢ᠌ᠨ ᠪᠣᠯᠤᠨ᠎ᠠ ᠭᠡᠯᠡ᠃
ᠲ᠋ᠡᠮᠡᠭᠡᠨ ᠰᠡᠭᠦᠯ ᠣᠳᠤ ᠣᠯᠤᠰ ᠤᠨ ᠬᠠᠮᠠᠭᠠᠯᠠᠯᠳᠠ ᠳᠤ ᠣᠷᠤᠭᠰᠠᠨ ᠣᠷᠭᠤᠮᠠᠯ ᠪᠣᠯᠵᠤ ᠪᠠᠢ᠌ᠨ᠎ᠠ᠃ ᠳᠠᠯ᠎ᠠ ᠶᠢᠨ ᠮᠠᠯᠴᠢᠳ ᠦᠪᠡᠷ ᠤᠨ ᠡᠵᠡᠩᠨᠡᠯᠳᠡ ᠶᠢᠨ ᠪᠠᠯᠴᠢᠭᠡᠷ ᠳᠠᠭᠢ ᠡᠪᠠᠰᠤ ᠣᠷᠭᠤᠮᠠᠯ᠂ ᠬᠠᠳᠠ ᠴᠢᠯᠠᠭᠤ᠂ ᠣᠰᠤ ᠬᠠᠷᠠᠵᠠ ᠪᠠᠨ ᠬᠠᠤᠯᠢ ᠶᠤᠰᠤᠭᠠᠷ ᠬᠠᠮᠠᠭᠠᠯᠠᠨ ᠠᠰᠢᠭᠯᠠᠵᠤ ᠪᠠᠢ᠌ᠨ᠎ᠠ᠃ ᠣᠯᠤᠰ ᠤᠨ ᠣᠢ ᠰᠢᠭᠤᠢ ᠶᠢᠨ ᠴᠠᠭᠳᠠᠭ᠎ᠠ ᠳᠡᠮᠡᠭᠡᠨ ᠰᠡᠭᠦᠯ ᠢ ᠣᠠᠳᠤᠤ ᠡᠪᠠᠰᠤ ᠣᠷᠭᠤᠮᠠᠯ᠂ ᠮᠤᠳᠤ ᠴᠢᠯᠠᠭᠤ᠂ ᠠᠩ ᠠᠮᠢᠳᠠᠨ ᠲᠡᠶ ᠠᠳᠠᠯᠢ ᠬᠠᠮᠠᠭᠠᠯᠠᠵᠤ᠂ ᠠᠮᠢ ᠨᠠᠰᠤ ᠶᠢ ᠨᠢ ᠪᠠᠳᠤᠯᠠᠵᠤ ᠪᠠᠢ᠌ᠨ᠎ᠠ᠃ ᠳᠡᠮᠡᠭᠡᠨ ᠰᠡᠭᠦᠯ ᠬᠠᠮᠠᠭᠠᠯᠠᠯᠳᠠ ᠶᠢᠨ ᠡᠷᠭᠡ ᠪᠠᠨ ᠡᠳ᠋ᠯᠡᠭ᠍ᠰᠡᠨ ᠳᠡᠭᠡᠨ ᠣᠮᠤᠭᠰᠢᠭᠠᠤᠨ ᠨᠤᠭᠤᠭᠠᠷᠠᠨ᠎ᠠ᠃ ᠳᠡᠭᠦᠨ ᠢ ᠣᠳᠤ ᠭᠦᠮᠦᠰ ᠭᠡᠳᠡᠮ ᠶᠢᠡᠷ ᠴᠠᠪᠴᠢᠵᠤ ᠬᠠᠰᠢᠶ᠎ᠠ ᠬᠤᠷᠤᠭ᠎ᠠ ᠶᠢᠨ ᠣᠷᠤᠢ ᠳᠠᠷᠤᠬᠤ ᠪᠠᠨ ᠣᠭᠤᠷᠠᠯᠠ᠃ ᠬᠠᠯᠬᠠᠪᠴᠢ ᠰᠠᠷᠠᠪᠴᠢ ᠶᠢᠨ ᠰᠢᠪᠠᠭᠡ ᠭᠢᠭᠦ ᠪᠠᠨ ᠣᠭᠤᠷᠤᠯᠠ᠃ ᠲᠦᠯᠡᠭᠡ ᠭᠢᠭᠦ ᠪᠠᠷ ᠠᠴᠢᠭᠠᠤᠨ ᠵᠥᠭᠡᠭᠡᠭᠦ ᠪᠠᠨ ᠪᠠᠢ᠌ᠯ᠎ᠠ᠃ ᠳᠣᠢ᠌ᠮᠠᠷ ᠠᠯᠳᠠᠭᠠᠤᠨ ᠭᠡᠨᠡᠨ ᠠᠭᠠᠰᠢᠯᠠᠬᠤ ᠨᠢ ᠬᠤᠪᠣᠷᠳᠠᠯᠠ᠃ ᠰᠤᠨᠤᠰᠬᠤ ᠳᠤ ᠵᠠᠷᠢᠮ ᠨᠢᠭᠡᠴᠡ ᠳᠡᠮᠡᠭᠡᠨ ᠰᠡᠭᠦᠯ ᠢ ᠬᠠᠮᠢᠭ᠎ᠠ ᠳᠠᠷᠢᠬᠤᠯᠠ ᠪᠦᠷ ᠣᠷᠭᠤᠵᠤ ᠴᠢᠳᠠᠨ᠎ᠠ ᠭᠡᠳ ᠴᠡᠴᠡᠷᠯᠢᠭ᠌᠂ ᠬᠠᠰᠢᠶ᠎ᠠ᠂ ᠳᠠᠴᠢᠷ ᠭᠠᠵᠠᠷ ᠲᠤ ᠰᠢᠯᠵᠢᠭᠦᠯᠤᠨ ᠳᠠᠷᠢᠬᠤ ᠲᠦᠯᠦᠪᠯᠡᠭᠡ ᠳᠤ ᠣᠷᠤᠭᠤᠯᠵᠤ ᠪᠠᠢ᠌ᠨ᠎ᠠ᠃ ᠳᠡᠭᠡᠪᠠᠯ ᠳᠠᠷᠠ ᠨᠤᠭᠤᠭᠠᠨ ᠬᠠᠷᠭᠠᠢ᠂ ᠰᠠᠭᠯᠠᠭᠠᠷ ᠣᠳᠠ ᠲᠡᠶ ᠠᠳᠠᠯᠢ ᠨᠤᠭᠤᠭᠠᠷᠠᠭᠤᠯᠬᠤ ᠣᠷᠭᠤᠮᠠᠯ ᠤᠨ ᠳᠦᠷᠤᠯ ᠵᠣᠢ᠌ᠯ ᠳᠤ ᠬᠠᠷᠢᠶᠠᠳᠤᠬᠤ ᠣᠠᠴᠠ ᠡᠷᠭᠡ ᠶᠢ ᠣᠯᠬᠤ ᠪᠣᠯᠤᠯᠴᠠᠭ᠎ᠠ ᠲᠡᠶ ᠶᠤᠮ ᠪᠠᠢ᠌ᠨ᠎ᠠ᠃
ᠦᠯᠵᠡᠢ ᠣᠷᠤᠰᠢᠭ︕ ᠳᠠᠷᠠ ᠶᠠᠷᠤᠨᠢ ᠣᠴᠢᠷ ᠦᠭᠡᠶ ᠣᠷᠳᠤ ᠨᠠᠰᠤᠳᠤ ᠨᠤᠭᠤᠭᠠᠨ ᠠᠮᠢ ᠮᠦᠨ᠃ ᠣᠯᠠᠨ ᠣᠷᠭᠤᠭ︕
ᠵᠤᠬᠢᠶᠠᠭᠴᠢ ᠶᠢᠨ ᠬᠠᠶᠢᠭ ᠄ ᠰᠢᠠᠵᠢᠶᠠᠩ ᠤᠨ ᠬᠤᠪᠣᠭᠰᠠᠢ᠌ᠷ
ᠵᠤᠬᠢᠶᠠᠭᠴᠢ᠄ ᠳ᠋·ᠨᠠᠮᠵᠠᠪ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠨᠠᠢᠷᠠᠭᠤᠯᠤᠯᠳᠠᠷᠤᠮ᠄ 6180
ᠴᠠᠭ᠄ 2010 ᠤᠨ ᠤ 12 ᠰᠠᠷ᠎ᠠ ᠶᠢᠨ 31
ᠨᠠᠢ᠌ᠷᠠᠭᠤᠯᠤᠭᠴᠢ᠄ ᠪᠦᠬᠡᠡᠷᠳᠡᠨᠢ