☆ ᠡ᠊·ᠳᠠᠮᠤᠷ
ᠡᠷᠢᠶᠡᠨ ᠬᠤᠷᠸ᠎ᠠ ᠶᠢᠨ ᠡᠯᠳᠡᠪ ᠥᠵᠡᠭ᠍ᠳᠡᠯ
ᠭᠦᠮᠤᠨ ᠤ ᠥᠢᠮᠡᠭᠡᠨ ᠳᠤ
ᠭᠦᠮᠤᠨ ᠳᠠᠷᠪᠠᠨᠠ
ᠢᠮᠠᠭᠠᠨ ᠤ ᠭᠦᠯ
ᠭᠢᠯᠢᠰ ᠳᠤᠱᠠᠭᠳᠠᠨᠠ
ᠴᠡᠴᠡᠭ᠌ ᠤᠨ ᠭᠠᠩᠭ᠋ᠠᠩ ᠳᠤ
ᠡᠷᠪᠠᠭᠡᠢ ᠬᠠᠭᠤᠷᠳᠠᠨᠠ
ᠥᠭᠡᠨ ᠤ ᠣᠷᠠᠨ ᠳᠤ
ᠭᠦᠮᠤᠨ ᠮᠡᠭᠡᠯᠡᠭ᠍ᠳᠡᠨᠡ
ᠵᠢᠰᠦᠯᠢᠭ᠌ ᠦᠬᠢᠳ ᠵᠤᠪᠠᠳᠠᠭ ᠦᠭᠡᠶ
ᠵᠠᠭᠤᠳᠠᠭ ᠨᠤᠬᠠᠢ ᠬᠤᠴᠠᠳᠠᠭ ᠦᠭᠡᠶ
ᠳᠠᠯ᠎ᠠ ᠶᠢᠨ ᠳᠤᠮᠳᠠᠭᠢ ᠨᠠᠭᠤᠷ ᠬᠠᠳᠠᠨ᠎ᠠ
ᠵᠢᠦᠡᠭᠦᠭ᠍ᠰᠡᠨ ᠥᠭᠡᠷ ᠤᠨ ᠵᠢᠷᠦᠭᠡ ᠬᠠᠳᠠᠨ᠎ᠠ
ᠠᠯᠪᠠᠨ ᠤ ᠠᠵᠢᠯ ᠭᠡᠪᠠᠯ
ᠠᠮᠠ ᠪᠦᠭᠯᠡᠨ᠎ᠡ
ᠠᠮᠢᠨ ᠤ ᠣᠴᠢᠷ ᠭᠡᠪᠠᠯ
ᠠᠮᠢ ᠪᠠᠨ ᠴᠦᠯᠠᠨᠠ
ᠮᠠᠵᠢᠶᠠᠩ ᠨᠠᠭᠠᠳᠬᠤ ᠳᠤᠷᠠᠳᠠᠢ ᠨᠢᠭᠡ ᠨᠢ
ᠮᠠᠯᠠᠭᠠᠢ ᠪᠠᠨ ᠠᠪᠬᠤ ᠴᠢᠯᠦᠭᠡ ᠦᠭᠡᠶ
ᠮᠠᠯᠠᠭᠠᠢ ᠪᠠᠨ ᠠᠪᠬᠤ ᠵᠠᠪ ᠲᠡᠶ ᠨᠢᠭᠡ ᠨᠢ
ᠮᠠᠵᠢᠶᠠᠩ ᠨᠠᠭᠠᠳᠬᠤ ᠳᠤᠷᠠᠰᠢᠯ ᠦᠭᠡᠶ
ᠮᠡᠳᠡᠯᠭᠡ ᠦᠭᠡᠶ ᠭᠦᠮᠦᠰ
ᠮᠡᠯᠡᠭᠡᠢ ᠳᠡᠷᠭᠡ ᠲᠡᠶ ᠵᠢᠷᠢ᠌ᠯᠭᠡᠨᠡ
ᠮᠡᠳᠡᠯᠭᠡ ᠦᠨᠳᠦᠷ ᠣᠶᠤᠳᠠᠤᠨ
ᠵᠠᠬ᠎ᠠ ᠡᠴᠡ ᠠᠵᠢᠯ ᠡᠷᠢᠨ᠎ᠡ
ᠬᠤᠨᠢᠨ ᠤ ᠬᠠᠩᠰᠢ ᠪᠠᠭᠤᠷᠠᠬᠤ ᠳᠤ
ᠮᠤᠳᠤᠨ ᠤ ᠦᠨ᠎ᠡ ᠦᠰᠦᠨ᠎ᠠ
ᠭᠦᠭ᠍ᠰᠢᠳ ᠤᠨ ᠭᠦᠡᠳᠤ ᠪᠠᠭᠤᠷᠠᠬᠤ ᠳᠤ
ᠬᠡᠦᠬᠡᠳ ᠤᠨ ᠪᠠᠢ᠌ᠷᠢ ᠦᠨᠳᠦᠷᠵᠢᠨᠠ
ᠴᠡᠴᠡᠭ᠌ ᠮᠢᠷᠠᠯᠵᠠᠭᠰᠠᠨ ᠬᠠᠭᠤᠴᠢᠨ ᠳᠠᠯ᠎ᠠ ᠳᠤ
ᠳᠠᠪᠤᠨ ᠳᠠᠷᠢᠶ᠎ᠠ ᠴᠠᠴᠠᠷᠭᠢᠯᠠᠵᠤ
ᠳᠡᠭ᠍ᠷᠢ ᠬᠠᠷᠠᠭᠰᠠᠨ ᠳᠠᠷᠢᠶᠠᠴᠢᠳ
ᠭᠠᠩ ᠤᠨ ᠳᠡᠭ᠍ᠷᠢ ᠳᠤ ᠭᠤᠨᠢᠭᠯᠠᠨ᠎ᠠ ᠁
ᠵᠤᠬᠢᠶᠠᠭᠴᠢ ᠶᠢᠨ ᠬᠠᠶᠢᠭ ᠄ ᠲᠦᠰᠢᠶᠠᠳᠤ ᠬᠤᠰᠢᠭᠤᠨ ᠤ ᠭᠦᠡᠳᠡᠯᠡᠨ ᠰᠤᠷᠭᠠᠭᠤᠯᠢ
ᠵᠤᠬᠢᠶᠠᠭᠴᠢ᠄ ᠡ᠊·ᠳᠠᠮᠤᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2642
ᠴᠠᠭ᠄ 2011 ᠤᠨ ᠤ 04 ᠰᠠᠷ᠎ᠠ ᠶᠢᠨ 27
ᠨᠠᠢ᠌ᠷᠠᠭᠤᠯᠤᠭᠴᠢ᠄ ᠪᠦᠬᠡᠡᠷᠳᠡᠨᠢ