☆ ᠮᠢ᠊·ᠭᠡᠷᠡᠯ
ᠰᠤᠳᠤᠨ ᠪᠦᠭᠡᠴᠢᠨ ᠪᠠᠶᠠᠷᠪᠠᠭᠠᠳᠤᠷ
ᠠᠷᠰᠯᠠᠨ ᠵᠠᠭᠠᠨ ᠤ ᠰᠦᠷ ᠭᠦᠴᠤ ᠳᠠᠢ
ᠠᠷᠠᠤᠨ ᠣᠯᠠᠨ ᠤ ᠰᠢᠳᠦᠭᠡᠨ ᠪᠦᠭᠡᠴᠢᠨ
ᠪᠠᠷᠰ ᠢᠷᠪᠢᠰ ᠤᠨ ᠳᠦᠷᠭᠡᠨ ᠬᠤᠷᠳᠤᠴᠠ ᠳᠠᠢ
ᠪᠠᠬᠠᠷᠤᠯᠳᠤ ᠲᠦᠮᠡᠨ ᠤ ᠳᠠᠢ᠌ᠴᠢᠨ ᠪᠦᠭᠡᠴᠢᠨ
ᠲᠦᠪᠰᠢᠨ ᠠᠷᠠᠤᠨ ᠤᠨ ᠣᠮᠤᠭᠰᠢᠯ
ᠳᠦᠭᠦᠷᠡᠩ ᠭᠠᠠᠵᠤᠭ᠎ᠠ ᠲᠡᠶ ᠡᠷ᠎ᠡ
ᠰᠦᠷᠯᠢᠭ᠌ ᠪᠠᠶ᠎ᠠ᠂ ᠤᠮᠤᠭ ᠴᠢᠳᠠᠯ ᠳᠠᠢ
ᠰᠡᠷᠭᠦᠯᠡᠩ ᠣᠬᠠᠭᠠᠨ᠂ ᠬᠠᠳᠠᠭᠤ ᠵᠤᠷᠢᠭ ᠳᠠᠢ
ᠰᠡᠷᠭᠡᠢ ᠬᠠᠷᠠᠴᠠ᠂ ᠰᠠᠷᠠᠯ ᠬᠤᠷᠳᠤᠨ
ᠰᠡᠳᠭᠢᠯ ᠵᠥᠭᠡᠯᠡᠨ᠂ ᠨᠡᠢ᠌ᠷ ᠵᠤᠵᠠᠭᠠᠨ
ᠪᠢᠷ᠎ᠠ ᠣᠬᠠᠭᠠᠨ ᠬᠤᠤᠰᠯᠠᠭᠰᠠᠨ
ᠪᠠᠬᠠᠷᠤᠯ ᠢ ᠳᠠᠳᠠᠭᠰᠠᠨ ᠪᠦᠭᠡ
ᠵᠠᠳᠠᠭᠠᠢ᠂ ᠭᠦᠡᠳᠡᠢ ᠬᠤᠠᠵᠢᠶᠠᠳᠤ ᠪᠠᠷᠢᠴᠠ ᠪᠠᠷ
ᠵᠠᠪᠰᠢᠶᠠᠨ ᠪᠠᠢ᠌ᠪᠠᠯ ᠰᠢᠭᠤᠷᠬᠠᠢ᠌ᠯᠠᠨ ᠬᠠᠶᠠᠳᠠᠭ
ᠳᠤᠯᠵᠤ ᠤᠷᠦᠬᠤ ᠡᠪᠯᠡᠭᠦᠨ ᠪᠠᠷᠢᠴᠠ ᠪᠠᠷ
ᠲᠤᠢ᠌ᠯᠪᠣᠷᠢ ᠲᠡᠶ ᠭᠢᠴᠠ ᠪᠠᠷ ᠪᠠᠷᠳᠠᠮ ᠬᠠᠶᠠᠳᠠᠭ
ᠬᠤᠷᠴᠠ ᠰᠠᠷᠠᠯᠳᠠ ᠳᠠᠢ
ᠭᠠᠪᠰᠢᠭᠠᠢ ᠰᠢᠳᠡᠮᠡᠭᠡᠢ ᠪᠦᠭᠡ
ᠪᠠᠷᠢᠴᠠ ᠬᠤᠠᠵᠢᠭᠳᠠᠵᠤ ᠠᠯᠳᠠᠭᠳᠠᠬᠤ ᠡᠴᠡ
ᠪᠠᠭᠠᠬᠠᠨ ᠴᠤ ᠰᠠᠠᠳᠤᠷᠴᠤ ᠠᠶᠤᠳᠠᠭ ᠥᠭᠡᠢ
ᠪᠠᠷᠤᠭ ᠢ ᠨᠢ ᠥᠵᠡᠭᠡᠳ ᠮᠡᠳᠡᠴᠢᠭᠡᠪᠠᠯ
ᠪᠠᠰᠦᠮᠵᠢᠯᠡᠨ ᠰᠡᠷᠭᠡᠢ᠌ᠯᠡᠭᠦ ᠶᠢ ᠬᠤᠤᠰᠯᠠᠳᠠᠭ
ᠭᠡᠢ᠌ᠷᠭᠡᠵᠤ ᠰᠠᠭᠭᠠᠳᠠᠭ ᠥᠭᠡᠢ
ᠭᠡᠴᠡᠭᠦᠤ ᠯᠠᠪᠳᠠᠭᠤᠨ ᠪᠦᠭᠡ
ᠪᠢᠷ᠎ᠠ ᠴᠢᠳᠠᠯ ᠨᠢ ᠶᠠᠭ ᠳᠠᠩᠴᠠᠪᠠᠯ
ᠪᠠᠢ᠌ᠳᠠᠯ ᠢ ᠨᠢ ᠰᠢᠠᠵᠢᠨ ᠠᠵᠢᠭᠯᠠᠵᠤ ᠤᠢ᠌ᠴᠢᠭᠤᠯᠳᠠᠭ
ᠪᠠᠷᠳᠠᠮ ᠭᠢᠴᠠ ᠳᠤ ᠨᠢ ᠴᠤᠴᠢᠮᠠᠭ ᠭᠡᠨᠡᠳᠡᠭᠦᠯᠵᠤ
ᠪᠠᠯᠠᠭ ᠢ ᠨᠢ ᠠᠯᠳᠠᠭᠤᠯᠵᠤ ᠰᠢᠭᠤᠳ ᠣᠨᠠᠭᠠᠳᠠᠭ
ᠰᠤᠷᠳᠠᠯ ᠪᠣᠯᠪᠠᠰᠤᠷᠠᠯ ᠰᠠᠢ᠌ᠠᠳᠠᠢ
ᠰᠤᠨᠢᠨ ᠮᠡᠷᠭᠡᠵᠢᠯ ᠲᠡᠶ ᠪᠦᠭᠡ
ᠰᠢᠭᠦᠨ ᠳᠤᠭᠢᠷᠠᠭᠤᠯᠤᠭᠴᠢ ᠶᠢᠨ ᠴᠢᠩᠭ᠎ᠠ ᠣᠨᠤᠭᠠᠯᠳᠠ ᠳ᠋ᠤ
ᠰᠦᠷᠳᠡᠭ᠍ᠳᠡᠵᠤ ᠳᠠᠷᠤᠭᠳᠠᠵᠤ ᠶᠠᠷᠤ ᠥᠵᠡᠭᠡ ᠥᠭᠡᠢ
ᠭᠢᠨᠠᠭᠴᠢ ᠪᠠᠭᠰᠢ ᠶᠢᠨ ᠨᠢᠳᠤᠨ ᠬᠠᠯᠳᠤᠷᠢᠯ ᠵᠢᠠᠷ
ᠬᠠᠷᠠᠳᠠᠭᠳᠠᠵᠤ ᠤᠢ᠌ᠴᠢᠭᠰᠠᠨ ᠴᠤ ᠭᠤᠳᠤᠷᠠᠳᠠᠭ ᠥᠭᠡᠢ
ᠨᠤᠮᠤᠬᠠᠨ ᠰᠢᠳᠤᠷᠭᠤ ᠮᠠᠯᠴᠢᠨ ᠭᠠᠷᠤᠯ ᠳᠠᠢ
ᠨᠤᠭᠤᠷᠠᠯ ᠡᠴᠠ ᠦᠯᠦ ᠰᠦᠷᠳᠡᠭᠦ ᠪᠦᠭᠡ
ᠬᠤᠯᠠ ᠤᠢ᠌ᠷ᠎ᠡ ᠳᠠᠭᠠᠨ ᠠᠯᠳᠠᠷᠰᠢᠭᠰᠠᠨ ᠨᠢ
ᠬᠤᠪᠢ ᠪᠠᠶ᠎ᠠ ᠶᠢᠨ ᠭᠢᠨᠢ ᠡᠷᠳᠡᠮ ᠴᠢᠳᠠᠪᠣᠷᠢ
ᠳᠦᠷᠤ ᠭᠦᠷᠤᠨ ᠳᠡᠭᠡᠨ ᠰᠢᠯᠭᠠᠷᠠᠭᠰᠠᠨ ᠨᠢ
ᠳᠦᠷᠤᠯᠭᠢ ᠪᠠᠶ᠎ᠠ ᠶᠢᠨ ᠭᠢᠨᠢ ᠭᠡᠢ᠌ᠮᠦᠷᠢ ᠰᠦᠯᠳᠡ
ᠳᠦᠷᠤ ᠶᠢᠨ ᠨᠠᠷᠠᠳᠤ ᠠᠪᠣᠷᠭᠤ
ᠲᠦᠪ ᠶᠡᠭᠡᠮᠰᠦᠭ᠌ ᠰᠤᠳᠤᠨ ᠪᠦᠭᠡ
ᠵᠤᠬᠢᠶᠠᠭᠴᠢ ᠶᠢᠨ ᠬᠠᠶᠢᠭ ᠄ ᠪᠠᠷᠠᠭᠤᠨ ᠰᠦᠨᠢᠳ
ᠵᠤᠬᠢᠶᠠᠭᠴᠢ᠄ ᠮᠢ᠊·ᠭᠡᠷᠡᠯ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2639
ᠴᠠᠭ᠄ 2010 ᠤᠨ ᠤ 12 ᠰᠠᠷ᠎ᠠ ᠶᠢᠨ 15
ᠨᠠᠢ᠌ᠷᠠᠭᠤᠯᠤᠭᠴᠢ᠄ ᠪᠦᠬᠡᠡᠷᠳᠡᠨᠢ