ᠨᠡᠪᠲᠡᠷᠡᠨ ᠤᠷᠤᠬᠤ
ᠥᠳᠦᠨ ᠪᠦᠮᠪᠦᠭᠡ ᠴᠤᠭᠢᠨ᠎ᠠ

ᠪᠢ ᠦᠷ ᠤᠨ ᠴᠠᠭᠠᠨ ᠭᠡᠭᠡ ᠵᠢ

ᠰᠡᠳᠭᠢᠯ ᠳᠡᠭᠡᠨ ᠰᠢᠩᠭᠡᠭᠡᠵᠤ

ᠴᠢᠨᠤ ᠥᠭᠡᠳᠡ ᠪᠦᠮᠪᠦᠭᠡ ᠴᠤᠭᠢᠨ᠎ᠠ

ᠴᠢ ᠣᠷᠤᠢ ᠶᠢᠨ ᠰᠢᠷᠭᠠᠯ ᠪᠦᠷᠦᠢ ᠶᠢ

ᠴᠡᠴᠡᠭᠡᠢ ᠳᠡᠭᠡᠨ ᠠᠭᠤᠰᠬᠠᠵᠤ

ᠮᠢᠨᠤ ᠵᠥᠭ᠌ ᠬᠠᠷᠢᠭᠤ ᠴᠤᠭᠢᠨ᠎ᠠ


ᠲ᠋ᠡᠯᠭᠡᠷᠡᠭ᠍ᠰᠡᠨ ᠴᠡᠴᠡᠭ᠌ ᠰᠢᠭ᠌ ᠡᠭᠦᠯᠡᠰ ᠤᠨ ᠳᠤᠤᠭᠤᠷ

ᠳᠠᠭᠳᠠᠭ᠎ᠠ ᠶᠢᠨ ᠴᠠᠭᠠᠨ ᠰᠦᠷᠦᠭ᠌ ᠲᠡᠶ

ᠡᠨᠡ ᠵᠢᠵᠢᠭ᠍‍ᠬᠡᠨ ᠠᠭᠤᠯᠠᠨ ᠪᠠᠯᠭᠠᠰᠤ ᠵᠢᠨ

ᠴᠡᠪᠠᠷᠭᠡᠨ ᠰᠡᠢ᠌ᠷᠡᠭ᠌ ᠠᠭᠠᠷ

ᠴᠢ ᠪᠢᠳᠠᠨ ᠤ ᠳᠤᠮᠳᠠ

ᠣᠷᠳᠤ ᠣᠷᠳᠤ ᠢᠰᠭᠡᠷᠦᠨ᠎ᠡ ᠁


ᠡᠨᠡ ᠰᠠᠢ᠌ᠬᠠᠨ ᠬᠤᠷᠤᠮ ᠳᠤ

ᠡᠳᠦᠷ ᠤᠨ ᠶᠠᠳᠠᠷᠠᠭ᠎ᠠ ᠭᠦᠩᠭᠡᠷᠡᠨ᠎ᠡ

ᠡᠮᠭᠢ ᠦᠭᠡᠶ ᠪᠣᠳᠤᠯ ᠠᠯᠳᠠᠷᠠᠨ᠎ᠠ

ᠡᠷᠡᠭᠦᠯ ᠰᠠᠢ᠌ᠬᠠᠨ ᠴᠢᠨᠤ ᠪᠣᠯᠴᠢᠩ ᠡᠴᠡ

ᠡᠩᠭᠡ ᠶᠢᠨ ᠳᠤᠶᠠᠭ᠎ᠠ ᠭᠢᠯᠪᠠᠵᠤ ᠬᠠᠷᠠᠭᠳᠠᠨ᠎ᠠ


ᠠᠷᠪᠠᠨ ᠳᠠᠪᠤᠨ ᠤ ᠰᠠᠷᠠ ᠰᠢᠭ᠌ ᠳᠡᠷᠭᠡᠯ

ᠠᠮᠢᠳᠤᠷᠠᠯ ᠣᠢ᠌ᠯᠠᠰ ᠤᠨ ᠶᠡᠭᠡ ᠵᠢᠷᠭᠠᠯ ᠶᠢᠡᠨ

ᠠᠷᠢᠭᠤᠨ ᠰᠡᠳᠭᠢᠯ ᠳᠡᠭᠡᠨ ᠨᠠᠠᠳᠢᠩᠨᠠᠨ

ᠠᠮᠢ ᠨᠠᠰᠤᠨ ᠤ ᠴᠡᠩᠭᠡᠷ ᠡᠳᠦᠷ ᠤᠳ ᠢ

ᠠᠮᠠᠷᠠᠭ ᠠᠮᠢᠰᠬᠤᠭ᠎ᠠ ᠪᠠᠷ ᠵᠣᠢ᠌ᠴᠢᠯᠠᠨ

ᠴᠢ ᠪᠢᠳᠠ

ᠦᠷ ᠦᠳᠡᠰᠢ ᠶᠢ ᠥᠮᠴᠢᠷᠭᠡᠨ

ᠦᠨᠢ ᠣᠳᠠᠭᠠᠨ

ᠦᠳᠦᠨ ᠪᠦᠮᠪᠦᠭᠡ ᠴᠤᠭᠢᠨ᠎ᠠ ᠡ


ᠵᠤᠬᠢᠶᠠᠭᠴᠢ᠄ ᠳ᠋·ᠪᠦᠷᠢᠨ‍ᠲᠤᠭᠲᠠᠬᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 12046
ᠴᠠᠭ᠄ 2011 ᠤᠨ ᠤ 06 ᠰᠠᠷ᠎ᠠ ᠶᠢᠨ 23
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ