☆ ᠰ·ᠮᠥᠩᠭᠡᠨᠡᠷᠡᠰᠤ
ᠠᠮᠠᠷᠠᠭ ᠰᠢᠪᠠᠭᠤ
ᠪᠢ ᠬᠠᠮᠤᠭ ᠡᠴᠠ ᠤᠢ᠌ᠳᠬᠠᠷ ᠦᠭᠡᠶ ᠭᠦᠮᠤᠨ ᠰᠠᠨ᠃
ᠳᠠᠷᠠ ᠭᠦᠭᠡᠷᠦᠭᠦᠨ ᠰᠢᠪᠠᠭᠤ ᠡᠳᠦᠷ ᠪᠣᠯᠭᠠᠨ ᠮᠢᠨᠤ ᠰᠢᠷᠡᠭᠡᠨ ᠥᠡᠴᠦᠭ᠌ ᠳᠡᠭᠡᠷ᠎ᠡ᠂ ᠰᠢᠨᠡᠭᠡᠨ ᠪᠠᠩᠵᠠᠯ ᠳᠡᠭᠡᠷ᠎ᠡ᠂ ᠡᠰᠡᠭᠦᠯ᠎ᠡ ᠴᠡᠴᠡᠭ᠌ ᠤᠨ ᠯᠤᠩᠬᠤᠨ ᠤ ᠢᠷᠮᠡᠭ᠌ ᠳᠡᠭᠡᠷ᠎ᠡ ᠬᠠᠪ ᠬᠠᠷ᠎ᠠ ᠨᠢᠳᠤ ᠪᠠᠨ ᠳᠤᠷᠮᠣᠢ᠌ᠯᠭᠠᠵᠤ ᠨᠠᠮ᠎ᠠ ᠶᠢ ᠰᠢᠷᠳᠠᠵᠤ ᠰᠠᠭᠤᠳᠠᠭ᠃ ᠳᠠᠷᠠ ᠨᠢᠳᠤᠨ ᠡᠴᠠ ᠪᠢ ᠦᠪᠡᠷ ᠤᠨ ᠶᠢᠡᠨ ᠬᠠᠮᠤᠭ ᠤᠨ ᠭᠤᠸ᠎ᠠ ᠰᠠᠢ᠌ᠬᠠᠨ ᠳᠦᠷᠭᠦ ᠶᠢ ᠣᠯᠵᠤ ᠬᠠᠷᠠᠳᠠᠭ᠃ ᠳᠠᠷᠠ ᠰᠢᠪᠠᠭᠤ ᠨᠠᠳᠠ ᠲᠡᠶ ᠶᠠᠷᠢᠵᠤ ᠴᠢᠳᠠᠬᠤ ᠦᠭᠡᠶ᠃ ᠳᠤᠩᠭ᠋ᠤᠳᠴᠤ ᠴᠤ ᠴᠢᠳᠠᠬᠤ ᠦᠭᠡᠶ ᠮᠠᠳᠤ ᠳᠤᠪ ᠳᠤᠭᠤᠢ᠁ ᠭᠡᠳᠡᠯ᠎ᠡ ᠳᠠᠷᠠ ᠰᠢᠪᠠᠭᠤ ᠨᠠᠳᠠ ᠡᠴᠠ ᠶᠠᠷᠤᠨᠢ ᠬᠤᠯᠠᠳᠠᠳᠠᠭ ᠦᠭᠡᠶ᠂ ᠪᠢ ᠴᠤ ᠳᠡᠭᠦᠨ ᠡᠴᠠ ᠰᠠᠯᠬᠤ ᠶᠢ ᠭᠦᠰᠡᠭᠦ ᠦᠭᠡᠶ᠃ ᠳᠠᠷᠠ ᠮᠢᠨᠤᠭᠢ᠂ ᠪᠢ ᠳᠡᠭᠦᠨ ᠤ ᠭᠢ ︕ ᠪᠢ ᠳᠠᠷᠠ ᠰᠢᠪᠠᠭᠤᠨ ᠳᠤ ᠪᠠᠶᠠᠷ ᠶᠢᠡᠨ᠂ ᠭᠤᠨᠢᠭ ᠶᠢᠡᠨ᠂ ᠪᠠᠬᠠᠷᠤᠭᠰᠠᠨ ᠦᠵᠡᠮᠵᠢ ᠪᠠᠨ᠂ ᠪᠠᠭᠳᠠᠷᠠᠭᠰᠠᠨ ᠠᠭᠤᠷ ᠶᠢᠡᠨ ᠁ ᠪᠦᠭᠦᠨ ᠢ ᠶᠠᠷᠢᠵᠤ ᠠᠭᠤᠵᠢᠷᠠᠨ᠎ᠠ᠃ ᠳᠠᠷᠠ ᠮᠦᠨ ᠯᠠ ᠳᠤᠭᠤᠢ ᠭᠡᠪ ᠶᠢᠠᠷ ᠨᠠᠮ᠎ᠠ ᠶᠢ ᠰᠢᠷᠳᠠᠵᠤ ᠯᠠ ᠪᠠᠢ᠌ᠳᠠᠭ᠃ ᠮᠢᠨᠤ ᠬᠠᠮᠤᠭ ᠬᠠᠢ᠌ᠷᠠᠳᠠᠢ᠂ ᠡᠭᠡᠯᠢᠳᠡᠢ ᠳᠡᠷᠡᠭᠦ ᠬᠠᠷᠠᠴᠠ ᠪᠠᠷ ᠰᠢᠷᠳᠡᠳᠡᠭ᠌᠃
ᠪᠢ ᠬᠠᠮᠤᠭ ᠡᠴᠠ ᠤᠢ᠌ᠳᠬᠠᠷ ᠲᠡᠶ ᠭᠦᠮᠤᠨ ᠰᠠᠨ᠃
《ᠭᠡᠷᠡᠯᠳᠤ ᠠᠯᠳᠠᠨ ᠨᠠᠷᠠᠨ ᠤ ᠲᠦᠮᠡ ᠪᠣᠮᠠᠨ ᠰᠠᠴᠤᠷᠠᠭ ᠤᠨ ᠨᠢᠭᠡ ᠨᠢ ᠴᠤ ᠭᠡᠰᠡᠨ ᠨᠠᠳᠠᠳᠤ ᠪᠠᠢ᠌ᠭᠠᠰᠠᠢ ︕》 ᠭᠡᠵᠤ ᠪᠢ ᠠᠮᠠᠷᠠᠭ ᠴᠢᠮᠠᠳᠠᠭᠠᠨ ᠭᠡᠵᠢᠶᠡᠳᠡ ᠶᠠᠷᠢᠳᠠᠭ ᠪᠠᠢ᠌ᠭᠰᠠᠨ ᠶᠢᠡᠨ ᠮᠠᠷᠳᠠᠭ᠎ᠠ ᠦᠭᠡᠶ᠃ ᠳᠡᠭᠡᠭᠦ ᠳᠤ ᠴᠢ ᠮᠢᠨᠢ ᠳᠤᠭᠣᠢ᠌ᠬᠠᠨ ᠢᠨᠢᠶᠡᠮᠰᠦᠭᠯᠡᠵᠤ ᠯᠠ ᠪᠠᠢ᠌ᠳᠠᠭ᠃ ᠪᠢᠳᠠ ᠠᠩᠬ᠎ᠠ ᠳᠠᠨᠢᠯᠴᠠᠬᠤ ᠦᠶ᠎ᠡ ᠪᠠᠨ ᠰᠢᠭ᠌ ᠡᠶ᠎ᠡ ᠨᠠᠢ᠌ᠷᠳᠠᠢ᠌ᠬᠠᠨ᠂ ᠠᠮᠢᠳᠤᠷᠠᠯ ᠮᠢᠨᠢ ᠡᠭᠡᠯ ᠵᠢᠷ ᠤᠨ ᠭᠢ ᠪᠠᠷ ᠶᠢᠡᠨ ᠦᠷᠭᠦᠯᠵᠢᠯᠡᠭ᠍ᠰᠡᠭᠡᠷ᠃
ᠭᠡᠨᠡᠳᠲᠡ ᠨᠢᠭᠡ ᠡᠳᠦᠷ ᠴᠢ ᠮᠢᠨᠢ ᠠᠯᠠᠭ᠎ᠠ ᠪᠣᠯᠴᠢᠬᠠᠪᠠ᠃ ᠣᠭᠢᠯᠠᠨ ᠳᠠᠭᠤᠯᠠᠨ ᠪᠠᠢ᠌ᠵᠤ᠂ ᠵᠦᠳᠠᠨ ᠴᠥᠭᠦᠨ ᠪᠠᠢ᠌ᠵᠤ ᠪᠢ ᠴᠢᠮ᠎ᠠ ᠪᠠᠨ ᠡᠷᠢᠭᠡᠳ ᠡᠷᠢᠭᠡᠳ ᠣᠯᠤᠭᠰᠠᠨ ᠦᠭᠡᠶ᠂ ᠭᠡᠨ ᠴᠤ ᠴᠢᠨᠤ ᠬᠠᠮᠢᠭ᠎ᠠ ᠶᠠᠪᠣᠭᠰᠠᠨ ᠢ ᠮᠡᠳᠡᠭᠦ ᠦᠭᠡᠶ ᠪᠠᠢ᠌ᠯ᠎ᠠ ᠁
ᠨᠠᠷᠠᠯᠠᠭ ᠰᠠᠢ᠌ᠬᠠᠨ ᠨᠢᠭᠡ ᠡᠳᠦᠷ ᠨᠠᠷᠠ ᠶᠢ ᠨᠢ ᠮᠡᠳᠡᠭᠦ ᠦᠭᠡᠶ ᠨᠢᠭᠡᠨ ᠰᠢᠪᠠᠭᠤ ᠤᠢ᠌ᠳᠬᠠᠷ ᠲᠡᠶ ᠦᠷᠦᠭᠡᠨ ᠤ ᠮᠢᠨᠢ ᠨᠠᠷᠠᠪᠴᠢᠨ ᠳᠤ ᠨᠢᠰᠤᠨ ᠢᠷᠠᠵᠤ ᠪᠠᠭᠤᠭᠰᠠᠨ ᠰᠠᠨ᠃ ᠳᠠᠷᠠ ᠯᠠ ᠊ᠭ᠍ᠱᠡᠨ ᠳᠤ ᠮᠢᠨᠤ ᠬᠠᠷᠠᠩᠭ᠋ᠤᠢ ᠵᠢᠵᠢᠭ᠌ ᠦᠷᠦᠭᠡ ᠨᠢᠭᠡ ᠯᠠ ᠰᠠᠷᠠᠭᠤᠯᠵᠢᠭᠠᠤᠨ᠂ ᠭᠢᠯᠠᠰ ᠭᠢᠯᠠᠰ ᠨᠠᠷᠠᠨ ᠤ ᠰᠠᠴᠤᠷᠠᠭ ᠦᠷᠦᠭᠡ ᠳᠦᠭᠦᠷᠡᠩ ᠭᠡᠢ᠌ᠭᠦᠯᠦᠭ᠍ᠰᠡᠨ᠃ ᠬᠠᠷᠠᠩᠭ᠋ᠤᠢ ᠰᠦᠨᠢ ᠳᠠᠭᠢᠵᠤ ᠶᠠᠷᠤ ᠢᠷᠡᠭᠦ ᠦᠭᠡᠶ ᠯᠠ ᠪᠣᠯᠤᠭᠰᠠᠨ᠃ ᠲ᠋ᠠᠷᠠ ᠰᠢᠪᠠᠭᠤᠨ ᠤ ᠠᠶᠠᠨ ᠤ ᠳᠤᠭᠤᠰᠤᠨ ᠳᠤ ᠳᠠᠷᠤᠭᠳᠠᠭᠰᠠᠨ ᠳᠠᠯᠠᠪᠴᠢᠨ ᠡᠴᠠ ᠮᠢᠨᠤ ᠴᠢᠮ᠎ᠠ ᠳᠤ ᠭᠦᠷᠭᠡᠭ᠍ᠰᠡᠨ ᠪᠦᠯᠡᠵᠡᠭ᠌ ᠳᠤᠩᠭ᠋ᠤᠷ ᠭᠡᠵᠤ ᠣᠨᠠᠯ᠎ᠠ᠃ ᠠᠯᠵᠢᠶᠠᠯ ᠪᠦᠷᠭᠦᠭ᠍ᠰᠡᠨ ᠠᠳᠠᠯ᠎ᠠ ᠶᠠᠭᠤ ᠨᠢᠭᠡ ᠶᠢ ᠶᠠᠷᠢᠮᠠᠷ ᠡᠭᠡᠯᠢᠭᠡᠨ ᠨᠢᠳᠤ ᠨᠢ ᠮᠢᠨᠤ ᠬᠠᠮᠤᠭ ᠤᠨ ᠳᠠᠰᠤᠯ᠂ ᠬᠠᠮᠤᠭ ᠤᠨ ᠬᠠᠢ᠌ᠷᠠᠳᠠᠢ ᠳᠡᠷᠡᠭᠦ ᠬᠠᠷᠠᠴᠠ ᠮᠦᠨ ᠪᠠᠢ᠌ᠯ᠎ᠠ᠁ ᠥᠨᠡᠭᠡᠷ ᠴᠢ ᠮᠢᠨᠢ ᠨᠠᠳᠠᠳᠤ ᠪᠠᠨ ᠨᠠᠷᠠᠨ ᠤ ᠨᠢᠭᠡ ᠭᠡᠰᠡᠭ᠌ ᠢ ᠠᠪᠴᠤ ᠢᠷᠡᠭ᠍ᠰᠡᠨ ᠪᠠᠢ᠌ᠵᠠᠢ᠃ ᠨᠠᠷᠠᠨ ᠳᠠᠭᠢᠨᠢ ᠴᠢᠮ᠎ᠠ ᠶᠢ ᠵᠠᠯᠬᠠᠭᠠᠵᠤ ᠰᠢᠪᠠᠭᠤ ᠪᠣᠯᠭᠠᠭᠰᠠᠨ ᠭᠡᠳᠡᠭ᠌ ᠶᠢᠡᠨ ᠪᠦᠷ ᠰᠡᠭᠦᠯ ᠳᠤ ᠨᠢ ᠨᠠᠳᠠᠳᠤ ᠵᠡᠭᠦᠳᠤ ᠦᠭᠭᠦᠭ᠍ᠰᠡᠨ ᠰᠠᠨ᠃ ᠢᠩᠭᠢᠭᠡᠳ ᠯᠠ ᠴᠢ ᠮᠢᠨᠢ ᠰᠢᠪᠠᠭᠤ ᠬᠤᠪᠢᠯᠴᠢᠬᠠᠭᠠᠤᠨ ᠨᠠᠮ᠎ᠠ ᠪᠠᠨ ᠰᠠᠭᠢᠵᠤ ᠪᠠᠢ᠌ᠳᠠᠭ ᠪᠣᠯᠤᠭᠰᠠᠨ᠂ ᠪᠢ ᠴᠤ ᠴᠢᠮ᠎ᠠ ᠡᠴᠠ ᠪᠠᠨ ᠳᠠᠭᠢᠵᠤ ᠶᠠᠷᠤ ᠰᠠᠯᠬᠤ ᠦᠭᠡᠶ ᠪᠠᠷ ᠴᠢᠩᠭ᠎ᠠ ᠰᠢ᠌ᠳᠦᠭ᠍ᠰᠡᠨ᠁
ᠭᠡᠴᠢᠨᠡᠨ ᠵᠢᠯ ᠥᠩᠭᠡᠷᠡᠴᠢᠭᠡᠭᠡ ᠪᠣᠢ ︖ ᠰᠠᠠᠴᠢᠭ ᠤᠨ ᠮᠢᠨᠢ ᠦᠰᠦ ᠳᠠᠯᠠᠪᠴᠢᠨ ᠤ ᠴᠢᠨᠢ ᠥᠩᠭᠡ ᠲᠡᠶ ᠠᠳᠠᠯᠢᠬᠠᠨ ᠪᠣᠯᠴᠢᠬᠠᠯ᠎ᠠ᠃ ᠭᠡᠳᠡᠯ᠎ᠡ ᠪᠢ ᠮᠦᠨ ᠯᠠ ᠴᠢᠨᠤ ᠨᠢᠳᠤᠨ ᠡᠴᠠ ᠦᠪᠡᠷ ᠤᠨ ᠶᠢᠡᠨ ᠬᠠᠮᠤᠭ ᠤᠨ ᠭᠤᠸ᠎ᠠ ᠥᠵᠡᠰᠭᠦᠯᠡᠩ ᠳᠦᠷᠭᠦ ᠪᠠᠨ ᠣᠯᠵᠤ ᠬᠠᠷᠠᠭᠰᠠᠭᠠᠷ᠁
2011 ᠣᠨ ᠤ 6 ᠳ᠋ᠤᠭᠠᠷ ᠬᠤᠭᠤᠴᠠᠭᠠᠨ ᠤ 《ᠦᠪᠣᠷ ᠮᠤᠩᠭ᠋ᠤᠯ ᠤᠨ ᠵᠠᠯᠠᠭᠤᠴᠤᠳ》 ᠲᠤ ᠨᠡᠢ᠌ᠳᠡᠯᠡᠭ᠍ᠳᠡᠪᠡ᠃
ᠵᠤᠬᠢᠶᠠᠭᠴᠢ ᠶᠢᠨ ᠬᠠᠶᠢᠭ ᠄ ᠣᠯᠠᠭᠠᠠᠬᠠᠳᠠ ᠬᠤᠳᠠ ᠶᠢᠨ ᠪᠠᠭᠠᠷᠢᠨ ᠪᠠᠷᠠᠭᠤᠨ ᠬᠤᠰᠢᠭᠤᠨ ᠤ ᠰᠢᠪᠠᠷᠳᠠᠢ ᠭᠤᠤᠯ ᠪᠠᠭ᠎ᠠ ᠰᠤᠷᠭᠠᠭᠤᠯᠢ
ᠵᠤᠬᠢᠶᠠᠭᠴᠢ᠄ ᠰ·ᠮᠥᠩᠭᠡᠨᠡᠷᠡᠰᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠨᠠᠢᠷᠠᠭᠤᠯᠤᠯᠳᠠᠷᠤᠮ᠄ 6193
ᠴᠠᠭ᠄ 2011 ᠤᠨ ᠤ 06 ᠰᠠᠷ᠎ᠠ ᠶᠢᠨ 26
ᠨᠠᠢ᠌ᠷᠠᠭᠤᠯᠤᠭᠴᠢ᠄ ᠪᠦᠬᠡᠡᠷᠳᠡᠨᠢ