☆ ᠱᠠ᠊·ᠬᠠᠳᠠᠪᠴᠢ
ᠵᠡᠭᠦᠳᠤᠨ ᠤ ᠡᠷᠢᠯ
-- ᠬᠤᠯᠠᠳᠠᠨ ᠡᠴᠢᠵᠤ ᠪᠣᠢ ᠮᠤᠷᠢ᠂ ᠰᠤᠶᠤᠯ ᠤᠨ ᠶᠢᠡᠨ ᠬᠣᠢ᠌ᠨ᠎ᠠ ᠡᠴᠡ᠁
ᠮᠤᠷᠢ ᠲᠡᠶ ᠪᠠᠨ ᠪᠢ ᠬᠤᠳᠠᠨ ᠳ᠋ᠤ ᠣᠷᠤᠪᠠ
ᠮᠤᠷᠢ ᠮᠢᠨᠢ ᠪᠣᠰᠤᠳ ᠤᠨ ᠬᠠᠷᠠᠭᠠᠨ ᠡᠴᠡ ᠥᠷᠭᠡᠴᠢᠭᠡᠪᠠᠤ ᠭᠡᠵᠤ
ᠮᠤᠯᠤᠷ ᠡᠷᠳᠡᠨᠢ ᠪᠣᠯᠭᠠᠨ ᠬᠠᠷᠠᠮᠯᠠᠨ᠂ ᠰᠢᠯ ᠵᠢᠶᠠᠰᠠᠨ ᠳᠤ ᠭᠢᠵᠤ ᠬᠠᠨᠠᠨ ᠳᠠᠭᠠᠨ ᠳᠤᠱᠠᠪᠠ
ᠮᠤᠷᠢ ᠪᠠᠨ ᠪᠢ ᠵᠢᠷᠦᠭᠡᠨ ᠳᠡᠭᠡᠨ ᠴᠢᠳᠤᠷᠯᠠᠵᠤ ᠰᠠᠤᠠᠭᠢᠯ ᠳᠡᠭᠡᠨ ᠰᠣᠢ᠌ᠪᠠ
ᠭᠦᠯᠦᠭ᠌ ᠲᠡᠶ ᠪᠠᠨ ᠪᠢ ᠬᠤᠳᠠᠨ ᠳᠤ ᠢᠷᠠᠵᠤ ᠠᠮᠢᠳᠤᠷᠠᠪᠠ
ᠭᠦᠯᠦᠰᠤᠨ ᠤ ᠭᠢᠨ ᠦᠨᠦᠷ ᠰᠢᠩᠭᠡᠭ᠍ᠰᠡᠨ ᠳᠤᠬᠤᠮᠳᠤ ᠡᠮᠡᠭᠡᠯ ᠢ ᠨᠢ
ᠭᠦᠢ ᠵᠠᠯᠭᠠᠨ ᠣᠯᠠᠮᠵᠢᠯᠠᠬᠤ ᠴᠢᠠᠳᠠᠮᠤᠨᠢ ᠡᠷᠳᠡᠨᠢ ᠭᠡᠵᠤ
ᠬᠡᠢ᠌ᠮᠤᠷᠢ ᠪᠣᠯᠭᠠᠨ ᠬᠣᠢ᠌ᠮᠤᠷ ᠬᠠᠨ᠎ᠠ ᠪᠠᠨ ᠳᠦᠰᠢᠭᠦᠯᠤᠨ ᠪᠣᠰᠬᠠᠪᠠ
ᠠᠷᠭᠤᠮᠠᠭ ᠲᠡᠶ ᠪᠠᠨ ᠪᠢ
ᠠᠭᠢ ᠦᠭᠡᠶ ᠭᠠᠵᠠᠷ ᠢᠷᠠᠵᠤ ᠨᠤᠳᠤᠭᠰᠢᠪᠠ
ᠠᠳᠤᠭᠤᠳ ᠳᠤᠷᠭᠢᠯᠳᠤᠭᠰᠠᠨ ᠠᠷᠤ ᠬᠠᠩᠭ᠋ᠠᠢ᠂ ᠭᠤᠪᠢ ᠰᠢᠯᠢ ᠨᠤᠳᠤᠭ ᠶᠢᠡᠨ
ᠠᠷᠤ ᠳᠠᠭᠠᠨ ᠣᠷᠭᠢᠵᠤ᠂ ᠠᠭᠢ ᠦᠭᠡᠶ ᠭᠠᠵᠠᠷ ᠢᠷᠠᠵᠤ ᠨᠤᠳᠤᠭᠰᠢᠪᠠ
ᠠᠭᠠᠷ ᠳᠤᠨᠢ ᠳᠤᠨᠤᠷᠠᠭᠰᠠᠨ ᠴᠡᠴᠡᠭ᠌ ᠤᠨ ᠳᠤᠭᠤᠰᠤ ᠨᠢ
ᠠᠯᠤᠰ ᠨᠤᠳᠤᠭ ᠤᠨ ᠭᠢᠨᠢ ᠠᠭᠢ ᠶᠢᠨ ᠦᠨᠦᠷ ᠢ ᠰᠠᠨᠠᠭᠳᠠᠭᠤᠯᠤᠭᠰᠠᠨ ᠪᠣᠯᠤᠯᠳᠠᠢ
ᠡᠡᠯᠮᠡᠭ᠌ ᠰᠠᠷᠠᠨ ᠳᠤᠭᠤᠷᠠᠢ ᠪᠠᠷ ᠶᠢᠡᠨ ᠭᠠᠵᠠᠷ ᠴᠠᠪᠴᠢᠯᠠᠨ
ᠠᠭᠳᠠ ᠭᠦᠯᠦᠭ᠌ ᠮᠤᠷᠢ ᠮᠢᠨᠢ ᠭᠡᠨᠡᠳᠲᠡ ᠨᠢᠭᠡ ᠡᠳᠦᠷ ᠣᠶᠠᠷᠠᠳᠠᠯ᠎ᠠ ᠥᠤᠷᠰᠠᠪᠠ ᠁
ᠠᠭᠠᠳᠠᠷ ᠪᠣᠷᠤᠭᠠᠨ ᠴᠢᠤᠠᠬᠤᠯᠠᠭᠰᠠᠨ ᠥᠤᠷ ᠰᠦᠨᠢ ᠶᠢᠨ ᠵᠠᠭᠠᠭ ᠲᠤ
ᠠᠨᠢᠷ ᠠᠪᠤᠨ ᠰᠠᠯᠭᠢ ᠰᠦᠷᠴᠤ ᠵᠤᠭᠰᠤᠭᠰᠠᠨ ᠶᠢᠡᠨ
ᠠᠯᠳᠠᠭᠤᠯᠵᠤ ᠭᠦᠯᠦᠭ᠌ ᠮᠤᠷᠢ ᠮᠢᠨᠢ ᠭᠠᠵᠠᠷᠯᠠᠵᠤ ᠡᠴᠢᠪᠡ
ᠡᠢ᠌ᠯᠤᠨ ᠶᠠᠪᠣᠭᠰᠠᠨ ᠮᠤᠷᠢᠨ ᠤ ᠪᠠᠨ ᠬᠣᠢ᠌ᠨ᠎ᠠ ᠡᠴᠡ ᠪᠢ
ᠡᠭᠡᠷ ᠳᠠᠳᠠᠨ ᠮᠡᠭ᠍ᠰᠢᠨ ᠪᠠᠢ᠌ᠵᠤ ᠰᠠᠷᠢᠪᠠ ᠁
ᠴᠢᠬᠤᠯᠳᠠᠬᠤ ᠳᠠᠭᠠᠨ ᠪᠢ ᠬᠠᠨ᠎ᠠ ᠵᠥᠭ᠌ ᠶᠢᠡᠨ ᠬᠠᠷᠠᠪᠠ
ᠴᠢᠤᠠᠬᠤᠭᠰᠠᠨ ᠠᠳᠠᠯᠢ ᠮᠤᠷᠢ ᠮᠢᠨᠢ ᠵᠦᠰᠤᠮ ᠲᠡᠶ ᠪᠠᠨ ᠢᠯᠡᠭᠡᠨ
ᠭᠡᠶᠦᠷᠡᠯ ᠬᠤᠭᠤᠰᠳᠠᠯ ᠤᠨ ᠳᠤᠮᠳᠠ ᠵᠢᠷᠦᠭᠡ ᠮᠢᠨᠢ ᠭᠡᠴᠡᠭᠦᠤ ᠳᠦᠭ᠍ᠰᠢᠵᠤ ᠭᠠᠷᠪᠠ
ᠭᠡᠷ ᠥᠷᠭᠦᠭᠡ ᠮᠢᠨᠢ ᠬᠠᠴᠢᠨ ᠢᠪᠴᠤᠷᠠᠵᠤ ᠢᠷᠠᠯ᠎ᠠ ᠁
ᠠᠯᠳᠠᠭᠤᠯ ᠠᠭᠳᠠ ᠪᠠᠨ ᠪᠢ ᠵᠡᠭᠦᠳᠡᠨ ᠡᠴᠡ ᠪᠠᠨ ᠡᠷᠢᠨ᠎ᠡ ᠭᠡᠵᠤ
ᠠᠭᠢᠭᠠᠤᠨ ᠴᠠᠭᠠᠰᠢ ᠬᠠᠠᠳᠤᠨ ᠣᠠᠳᠠᠵᠤ ᠣᠷᠭᠢᠪᠠ
ᠡᠷᠢᠯ ᠤᠨ ᠶᠡᠭᠡ -- ᠠᠶᠠᠨ ᠢᠩᠭᠢᠵᠤ ᠡᠭᠢᠯᠡᠪᠡ
ᠡᠭᠢᠯᠡᠪᠠᠰᠤ ᠡᠭᠢᠯᠡᠳᠦᠭᠡᠢ︕
ᠬᠤᠷᠤᠢ︕ ᠬᠤᠷᠤᠢ︕ ᠬᠤᠷᠤᠢ︕
2006 ᠣᠨ 6 ᠰᠠᠷ᠎ᠠ ᠪᠠᠭᠡᠵᠢᠩ ᠳᠤ
ᠵᠤᠬᠢᠶᠠᠭᠴᠢ᠄ ᠱᠠ᠊·ᠬᠠᠳᠠᠪᠴᠢ
ᠢᠷᠡᠯᠲᠡ᠄ ᠱᠠ᠊·ᠬᠠᠳᠠᠪᠴᠢ
ᠬᠠᠷᠢᠶ᠎ᠠ᠄
ᠰᠢᠯᠦᠭᠳᠠᠷᠤᠮ᠄ 4040
ᠴᠠᠭ᠄ 2008 ᠤᠨ ᠤ 10 ᠰᠠᠷ᠎ᠠ ᠶᠢᠨ 16
ᠨᠠᠢ᠌ᠷᠠᠭᠤᠯᠤᠭᠴᠢ᠄ ᠪᠦᠬᠡᠡᠷᠳᠡᠨᠢ