ᠨᠡᠪᠲᠡᠷᠡᠨ ᠤᠷᠤᠬᠤ
1986 ᠣᠨ ᠳᠤ ᠪᠢᠴᠢᠭ᠍ᠰᠡᠨ ᠣᠬᠤᠷ ᠰᠢᠯᠦᠭᠯᠡᠯ ᠤᠳ (ᠬᠤᠶᠠᠷ)
1986 ᠣᠨ ᠤ ᠨᠠᠮᠤᠷ ᠪᠢᠴᠢᠭ᠍ᠰᠡᠨ ᠣᠬᠤᠷ ᠰᠢᠯᠦᠭᠯᠡᠯ ᠤᠳ

ᠵᠠᠷᠢᠮ ᠭᠦᠮᠤᠨ ᠳᠤ ᠰᠠᠨᠠᠭᠤᠯᠬᠤ ᠰᠢᠯᠦᠭ᠌


ᠠᠢ᠌ᠯ ᠣᠷᠤᠭᠤ ᠳᠤᠳᠠᠭᠤ ᠬᠠᠷᠠ︕

ᠠᠷᠤ ᠭᠡᠷ ᠶᠢᠡᠨ ᠢᠯᠡᠭᠦᠤ ᠡᠷᠭᠢ︕

ᠠᠳᠠᠯ ᠣᠢ᠌ᠯᠠᠰ ᠲᠤ ᠰᠡᠳᠭᠢᠯ ᠳᠠᠯᠪᠢ︕

ᠠᠯᠭᠠᠰᠴᠤ ᠪᠢᠳᠡᠭᠡᠢ ᠵᠥᠭᠡᠷ ᠰᠠᠭᠤ︕

ᠭᠡᠷᠡᠭ᠌ ᠦᠭᠡᠶ ᠣᠴᠢᠷ ᠲᠤ ᠪᠠᠭ᠎ᠠ ᠭᠦᠶᠤ︕

ᠭᠢᠴᠢᠶᠠᠨ ᠰᠤᠷᠬᠤ ᠶᠢ ᠡᠷᠭᠢᠮᠡᠯᠵᠤ ᠶᠠᠪᠣ︕

ᠣᠯᠠᠨ ᠳᠤ ᠰᠠᠷᠪᠠᠢ᠌ᠬᠤ ᠶᠢ ᠡᠷᠡᠰ ᠴᠡᠭᠡᠷᠯᠡ︕

ᠣᠠᠴᠠᠯᠠᠨ ᠪᠦᠳᠦᠭᠡᠭᠦ ᠶᠢ ᠰᠢᠳᠤᠵᠤ ᠳᠠᠭᠢ︕


ᠳᠦᠷᠭᠡᠨ


ᠳᠠᠷᠤᠭ᠎ᠠ ᠨᠤᠶᠠᠤᠨ ᠲᠡᠶ

《ᠰᠠᠢ᠌ᠨ》 ᠭᠦᠮᠤᠨ

ᠳᠠᠪᠰᠢᠬᠤ ᠨᠢ ᠳᠦᠷᠭᠡᠨ

ᠳᠠᠪᠣᠰᠤ ᠲᠡᠶ ᠨᠤᠭᠤᠭ᠎ᠠ

ᠠᠷᠪᠢᠨ ᠢᠳᠠᠪᠠᠯ

ᠣᠮᠳᠠᠭᠠᠰᠬᠤ ᠨᠢ ᠳᠦᠷᠭᠡᠨ

ᠨᠢᠭᠡᠨ ᠠᠬᠠᠮᠠᠤᠨ ᠤᠨ ᠥᠭᠡ ᠡᠴᠡ

ᠨᠤᠶᠠᠤᠨ ᠤᠨ ᠡᠮᠤᠨ᠎ᠡ

ᠨᠤᠬᠠᠢ ᠪᠣᠯᠵᠤ ᠱᠤᠭᠰᠢᠬᠤ ᠪᠠᠷ

ᠨᠤᠮ ᠤᠨ ᠬᠠᠭᠤᠳᠠᠰᠤᠨ᠎ᠠ

ᠬᠤᠷᠤᠬᠠᠢ ᠪᠣᠯᠵᠤ ᠭᠤᠯᠭᠤ ᠳ᠋ᠠ︕

ᠨᠤᠮᠤᠬᠠᠨ ᠠᠷᠠᠤᠨ ᠳᠠᠭᠠᠨ

ᠳᠤᠰᠠᠳᠠᠢ ᠠᠵᠢᠯ

ᠢᠯᠡᠭᠦᠭᠡᠨ ᠭᠢᠵᠤ

ᠨᠤᠷᠠᠵᠤ ᠪᠠᠢ᠌ᠭ᠎ᠠ ᠣᠴᠢᠷ ᠲᠤ ᠨᠢ

ᠨᠢᠷᠤᠭᠤ ᠶᠢᠨ ᠪᠦᠭᠯᠡᠭᠡᠰᠤ ᠪᠣᠯ ᠳ᠋ᠠ︕


1986.8.03 ᠊᠊᠊᠊᠊᠊᠊᠊᠊᠊᠊᠊᠊᠊᠊ 1986.8.19 ᠳ᠋ᠤ ᠪᠢᠴᠢᠭ᠍ᠰᠡᠨ ᠨᠡᠢ᠌ᠳᠡᠯᠡᠭᠦᠯᠦᠭᠡ ᠦᠭᠡᠶ ᠰᠢᠯᠦᠭ᠌ ᠤᠳ᠃

ᠵᠤᠬᠢᠶᠠᠭᠴᠢ ᠶᠢᠨ ᠬᠠᠶ‍ᠢᠭ ᠄ ᠬᠦᠬᠡᠬᠤᠲᠠ ᠶᠢᠨ ᠭᠢᠩᠭ᠋ᠠᠨ ᠵᠠᠮ ᠤᠨ ᠦᠨᠳᠦᠰᠦᠳᠠᠨ ᠤ ᠪᠠᠭ᠎ᠠ ᠰᠤᠷᠭᠠᠭᠤᠯᠢ

ᠵᠤᠬᠢᠶᠠᠭᠴᠢ᠄ ᠭᠦᠷᠵᠡᠪ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2626
ᠴᠠᠭ᠄ 2009 ᠤᠨ ᠤ 12 ᠰᠠᠷ᠎ᠠ ᠶᠢᠨ 18
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ