ᠨᠡᠪᠲᠡᠷᠡᠨ ᠤᠷᠤᠬᠤ
ᠳᠦᠷᠡᠯᠵᠡᠭᠦ ᠭᠠᠯ ᠤᠨ ᠲᠦᠯᠦ᠂ ᠲᠦᠮᠡᠨ ᠢ ᠰᠡᠷᠭᠦᠭᠡᠭᠦ ᠳᠠᠭᠤᠨ
ᠰᠢᠯᠢ ᠶᠢᠨ ᠭᠤᠤᠯ ᠠᠢ᠌ᠮᠠᠭ ᠤᠨ ᠭᠤᠷᠪᠠᠳᠤᠭᠠᠷ ᠣᠳᠠᠭᠠᠨ ᠤ 《ᠮᠥᠩᠭᠡ ᠭᠠᠯ ᠤᠨ ᠣᠴᠢ》 ᠮᠤᠩᠭ᠋ᠤᠯ ᠰᠤᠶᠤᠯ ᠳᠡᠦᠭᠡ ᠶᠢᠨ ᠶᠠᠷᠤ ᠶᠢᠨ ᠮᠡᠳᠡᠯᠭᠡ ᠶᠢᠨ ᠣᠷᠤᠯᠳᠤᠭᠠᠨ ᠤ ᠳᠠᠳᠠᠯᠠᠯ

2009 ᠣᠨ ᠤ 6 ᠳ᠋ᠤᠭᠠᠷ ᠰᠠᠷ᠎ᠠ ᠶᠢᠨ 14 ᠊ᠤ ᠣᠷᠤᠢ ᠰᠢᠯᠢ ᠶᠢᠨ ᠭᠤᠤᠯ ᠠᠢ᠌ᠮᠠᠭ ᠤᠨ ᠭᠤᠷᠪᠠᠳᠤᠭᠠᠷ ᠣᠳᠠᠭᠠᠨ ᠤ《ᠮᠥᠩᠭᠡ ᠭᠠᠯ ᠤᠨ ᠣᠴᠢ》 ᠮᠤᠩᠭ᠋ᠤᠯ ᠰᠤᠶᠤᠯ ᠳᠡᠦᠭᠡ ᠶᠢᠨ ᠶᠠᠷᠤ ᠶᠢᠨ ᠮᠡᠳᠡᠯᠭᠡ ᠶᠢᠨ ᠣᠷᠤᠯᠳᠤᠭᠠᠨ ᠨᠢ ᠮᠠᠨ ᠤ ᠠᠢ᠌ᠮᠠᠭ ᠤᠨ ᠮᠤᠩᠭ᠋ᠤᠯ ᠳᠤᠮᠳᠠᠳᠤ ᠰᠤᠷᠭᠠᠭᠤᠯᠢ ᠳᠤ ᠶᠠᠪᠣᠭᠳᠠᠵᠤ᠂ ᠠᠢ᠌ᠮᠠᠭ ᠤᠨ ᠮᠤᠩᠭ᠋ᠤᠯ ᠳᠤᠮᠳᠠᠳᠤ ᠰᠤᠷᠭᠠᠭᠤᠯᠢ᠂ ᠬᠤᠳᠠ ᠶᠢᠨ ᠮᠤᠩᠭ᠋ᠤᠯ ᠳᠤᠮᠳᠠᠳᠤ ᠰᠤᠷᠭᠠᠭᠤᠯᠢ᠂ ᠰᠢᠯᠢ ᠶᠢᠨ ᠭᠤᠤᠯ ᠠᠵᠢᠯ ᠮᠡᠷᠭᠡᠵᠢᠯ ᠤᠨ ᠳᠡᠭᠡᠳᠤ ᠰᠤᠷᠭᠠᠭᠤᠯᠢ ᠶᠢᠨ 12 ᠳᠤᠭᠣᠢ᠌ᠯᠠᠩ ᠰᠢ᠌ᠤᠠᠪᠣᠷᠢᠳᠤ ᠣᠷᠤᠯᠳᠤᠭᠠᠨ ᠳᠤ ᠣᠷᠤᠯᠴᠠᠪᠠ᠃

ᠳᠤᠰ ᠣᠷᠤᠯᠳᠤᠭᠠᠨ ᠢ ᠰᠢᠯᠢ ᠶᠢᠨ ᠭᠤᠤᠯ ᠠᠢ᠌ᠮᠠᠭ ᠤᠨ ᠮᠤᠩᠭ᠋ᠤᠯ ᠳᠤᠮᠳᠠᠳᠤ ᠰᠤᠷᠭᠠᠭᠤᠯᠢ᠂ ᠰᠢᠯᠢ ᠶᠢᠨ ᠭᠤᠤᠯ ᠤᠨ ᠳᠸᠯᠸᠢᠰ ᠬᠤᠷᠢᠶ᠎ᠠ᠂ ᠰᠢᠯᠢ ᠶᠢᠨ ᠭᠤᠤᠯ ᠤᠨ ᠠᠷᠠᠤᠨ ᠤᠨ ᠷᠠᠳᠢᠤ᠋ ᠨᠡᠪᠳᠡᠷᠡᠭᠦᠯᠭᠡ ᠶᠢᠨ ᠬᠤᠷᠢᠶ᠎ᠠ᠂ ᠰᠢᠯᠢ ᠶᠢᠨ ᠭᠤᠤᠯ ᠠᠵᠢᠯ ᠮᠡᠷᠭᠡᠵᠢᠯ ᠤᠨ ᠳᠡᠭᠡᠳᠤ ᠰᠤᠷᠭᠠᠭᠤᠯᠢ ᠶᠢᠨ ᠡᠪᠯᠡᠯ ᠤᠨ ᠬᠤᠷᠢᠶ᠎ᠠ ᠭᠤᠤᠯᠯᠠᠨ ᠡᠷᠭᠢᠯᠡᠵᠤ᠂ ᠰᠢᠯᠢ ᠶᠢᠨ ᠭᠤᠤᠯ ᠠᠢ᠌ᠮᠠᠭ ᠤᠨ ᠮᠤᠩᠭ᠋ᠤᠯ ᠳᠤᠮᠳᠠᠳᠤ ᠰᠤᠷᠭᠠᠭᠤᠯᠢ ᠶᠢᠨ ᠡᠪᠯᠡᠯ ᠤᠨ ᠬᠤᠷᠢᠶ᠎ᠠ ᠵᠢᠴᠢ 《ᠮᠥᠩᠭᠡ ᠭᠠᠯ ᠤᠨ ᠣᠴᠢ》 ᠰᠢᠷᠢᠰ ᠭᠦᠳᠡᠯᠭᠡᠭᠡᠨ ᠢ ᠵᠤᠬᠢᠶᠠᠨ ᠪᠠᠢ᠌ᠭᠤᠯᠬᠤ ᠭᠡᠯᠳᠡᠰ᠂ ᠦᠨᠳᠦᠷ ᠬᠤᠶᠠᠷ ᠤᠨ ᠣᠨ ᠤ ᠳᠤᠭᠣᠢ᠌ᠯᠠᠩ ᠪᠣᠯᠤᠨ ᠡᠪᠯᠡᠯ ᠤᠨ ᠶᠡᠷᠦᠩᠭᠡᠢ ᠡᠭᠦᠷ᠂ ᠳᠡᠦᠭᠡ ᠶᠢᠨ ᠭᠢᠴᠢᠶᠠᠯ ᠲᠦᠷᠦᠯ ᠤᠨ ᠳᠤᠭᠣᠢ᠌ᠯᠠᠩ᠂ ᠦᠨᠳᠦᠷ ᠬᠤᠶᠠᠷ ᠤᠨ 284 ᠠᠩᠭᠢ ᠪᠠ 288 ᠠᠩᠭᠢ᠂ 288 ᠠᠩᠭᠢ ᠶᠢᠨ 《ᠪᠦᠷᠳᠡ ᠴᠢᠨ᠋ᠸ᠎ᠠ》 ᠮᠤᠩᠭ᠋ᠤᠯ ᠵᠠᠯᠠᠭᠤᠰ ᠤᠨ ᠨᠡᠢ᠌ᠭᠡᠮᠯᠢᠭ᠌᠂ ᠷᠠᠳᠢᠤ᠋ ᠬᠤᠷᠢᠶᠠᠨ ᠤ 《ᠠᠯᠳᠠᠨ ᠣᠨᠠᠭ᠎ᠠ》 ᠨᠡᠪᠳᠡᠷᠡᠭᠦᠯᠭᠡ᠂ ᠳᠸᠯᠸᠢᠰ ᠬᠤᠷᠢᠶᠠᠨ ᠤ《ᠳᠡᠯᠭᠡᠷ ᠬᠠᠷᠠᠭ᠎ᠠ》 ᠨᠡᠪᠳᠡᠷᠡᠭᠦᠯᠭᠡ᠂ ᠰᠢᠯᠢ ᠶᠢᠨ ᠭᠤᠤᠯ ᠠᠵᠢᠯ ᠮᠡᠷᠭᠡᠵᠢᠯ ᠤᠨ ᠳᠡᠭᠡᠳᠤ ᠰᠤᠷᠭᠠᠭᠤᠯᠢ ᠶᠢᠨ ᠮᠤᠩᠭ᠋ᠤᠯ ᠭᠡᠯᠡ ᠰᠤᠶᠤᠯ ᠣᠷᠠᠯᠢᠭ ᠤᠨ ᠰᠠᠯᠪᠣᠷᠢ ᠡᠴᠡ ᠳᠠᠭᠠᠭᠠᠴᠢᠯᠠᠨ ᠡᠷᠭᠢᠯᠡᠭ᠍ᠰᠡᠨ ᠪᠠᠢ᠌ᠭ᠎ᠠ ᠶᠤᠮ᠃ ᠰᠤᠷᠤᠭᠴᠢᠳ ᠲᠤ ᠮᠤᠩᠭ᠋ᠤᠯ ᠦᠨᠳᠦᠰᠦᠳᠠᠨ ᠤ ᠳᠡᠦᠭᠡ ᠰᠤᠶᠤᠯ᠂ ᠵᠠᠩ ᠵᠠᠩᠰᠢᠯ᠂ ᠳᠠᠷᠠᠴᠢᠯᠠᠨ ᠣᠷᠤᠨ ᠨᠤᠳᠤᠭ ᠤᠨ ᠳᠡᠦᠭᠡ ᠰᠤᠶᠤᠯ ᠤᠨ ᠳᠤᠬᠠᠢ ᠨᠠᠩ ᠭᠦᠡᠵᠡᠭᠡᠢ ᠣᠢ᠌ᠯᠠᠭᠠᠭᠤᠯᠵᠤ᠂ ᠳᠠᠳᠠᠨ ᠤ ᠦᠨᠳᠦᠰᠦᠳᠠᠨ ᠤ ᠳᠤᠬᠠᠢ ᠬᠠᠢ᠌ᠷ᠎ᠠ ᠰᠡᠳᠬᠢᠯᠭᠡ ᠶᠢ ᠵᠤᠵᠠᠭᠠᠳᠬᠠᠵᠤ᠂ ᠰᠤᠶᠤᠯ ᠳᠡᠦᠭᠡ ᠪᠠᠨ ᠰᠤᠷᠤᠯᠴᠠᠬᠤ ᠣᠷᠮᠠᠰᠢᠯ ᠢ ᠭᠦᠭ᠍ᠵᠢᠭᠡᠭᠦ ᠵᠢᠴᠢ ᠡᠯ᠎ᠡ ᠠᠬ᠎ᠠ ᠳᠡᠭᠦᠤ ᠰᠤᠷᠭᠠᠭᠤᠯᠢ ᠶᠢᠨ ᠬᠤᠭᠤᠷᠤᠠᠳᠤᠭᠢ ᠶᠠᠪᠣᠯᠴᠠᠭ᠎ᠠ ᠶᠢ ᠴᠢᠩᠭ᠋ᠠᠳᠬᠠᠬᠤ ᠪᠠᠷ ᠭᠤᠤᠯ ᠵᠤᠷᠢᠯᠳᠠ ᠪᠣᠯᠭᠠᠵᠠᠢ᠃

ᠣᠷᠤᠯᠳᠤᠭᠠᠨ ᠨᠢ ᠮᠤᠩᠭ᠋ᠤᠯ ᠦᠨᠳᠦᠰᠦᠳᠠᠨ ᠤ ᠳᠡᠦᠭᠡᠳᠤ ᠭᠦᠮᠦᠰ᠂ ᠣᠷᠤᠨ ᠨᠤᠳᠤᠭ ᠤᠨ ᠨᠠᠷᠠᠳᠤ ᠭᠦᠮᠦᠰ᠂ ᠳᠡᠦᠭᠡ ᠶᠢᠨ ᠳᠤᠷᠠᠰᠬᠠᠯᠳᠤ ᠵᠣᠢ᠌ᠯᠠᠰ᠂ ᠮᠤᠩᠭ᠋ᠤᠯ ᠨᠤᠳᠤᠭ ᠤᠨ ᠭᠠᠵᠠᠷ ᠤᠨ ᠨᠠᠷ᠎ᠠ ᠶᠢᠨ ᠳᠤᠬᠠᠢ ᠮᠤᠩᠭ᠋ᠤᠯ ᠳᠡᠦᠭᠡ ᠰᠤᠶᠤᠯ ᠲᠡᠶ ᠬᠤᠯᠪᠣᠭᠳᠠᠭᠰᠠᠨ ᠣᠯᠠᠨ ᠳᠠᠯ᠎ᠠ ᠶᠢᠨ ᠠᠭᠤᠯᠭ᠎ᠠ ᠶᠢ ᠬᠠᠮᠤᠷᠴᠤ᠂ ᠡᠷᠭᠡᠪᠰᠢ ᠬᠠᠷᠢᠭᠤᠯᠬᠤ ᠰᠠᠳᠤᠪ᠂ ᠳᠦᠭᠰᠢᠭᠦᠷᠢᠳᠤ ᠰᠠᠳᠤᠪ᠂ ᠳᠠᠨᠢᠯᠴᠠᠭᠤᠯᠬᠤ ᠰᠠᠳᠤᠪ ᠵᠡᠷᠭᠡ ᠭᠤᠷᠪᠠᠨ ᠠᠯᠬᠤᠮ ᠶᠢᠡᠷ ᠬᠤᠷᠴᠠ ᠰᠢᠷᠦᠭᠦᠨ ᠶᠠᠪᠣᠭᠳᠠᠭᠰᠠᠨ ᠤ ᠳ᠋ᠦ᠋ᠩ ᠳᠤ 12 ᠳᠤᠭᠣᠢ᠌ᠯᠠᠩ ᠡᠴᠡ 6 ᠳᠤᠭᠣᠢ᠌ᠯᠠᠩ ᠰᠢᠭ᠍ᠰᠢᠭ᠍ᠳᠡᠨ ᠦᠯᠠᠳᠠᠵᠤ᠂ ᠳᠠᠭᠢᠨ ᠮᠤᠩᠭ᠋ᠤᠯ ᠳᠠᠭᠤᠤ ᠶᠢᠨ ᠠᠶ᠎ᠠ ᠶᠢ ᠰᠤᠨᠤᠰᠴᠤ ᠭᠠᠷᠴᠠᠭ ᠢ ᠨᠢ ᠳᠠᠭᠠᠬᠤ ᠪᠣᠯᠤᠨ 4 ᠮᠢᠨᠦ᠋ᠲ ᠲᠤ ᠮᠤᠩᠭ᠋ᠤᠯ ᠦᠨᠳᠦᠰᠦᠳᠠᠨ ᠤ ᠨᠠᠷᠠᠳᠤ ᠳᠡᠦᠭᠡᠳᠤ ᠭᠦᠮᠦᠰ ᠢ ᠳᠠᠨᠢᠯᠴᠠᠭᠤᠯᠬᠤ ᠪᠠᠷ ᠳᠠᠮᠵᠢᠭᠠᠤᠨ ᠠᠢ᠌ᠮᠠᠭ ᠤᠨ ᠮᠤᠩᠭ᠋ᠤᠯ ᠳᠤᠮᠳᠠᠳᠤ ᠰᠤᠷᠭᠠᠭᠤᠯᠢ ᠶᠢᠨ ᠦᠨᠳᠦᠷ ᠬᠤᠶᠠᠷ ᠤᠨ 291 ᠳ᠋ᠤᠭᠡᠷ ᠠᠩᠭᠢ ᠳᠡᠷᠢᠭᠦᠯᠡᠵᠤ᠂ ᠠᠢ᠌ᠮᠠᠭ ᠤᠨ ᠮᠤᠩᠭ᠋ᠤᠯ ᠳᠤᠮᠳᠠᠳᠤ ᠰᠤᠷᠭᠠᠭᠤᠯᠢ ᠶᠢᠨ 288 ᠠᠩᠭᠢ᠂ ᠬᠤᠳᠠ ᠶᠢᠨ ᠮᠤᠩᠭ᠋ᠤᠯ ᠳᠤᠮᠳᠠᠳᠤ ᠰᠤᠷᠭᠠᠭᠤᠯᠢ ᠶᠢᠨ 90 ᠠᠩᠭᠢ ᠳᠠᠳ᠋ᠯᠠᠵᠤ᠂ ᠠᠢ᠌ᠮᠠᠭ ᠤᠨ ᠮᠤᠩᠭ᠋ᠤᠯ ᠳᠤᠮᠳᠠᠳᠤ ᠰᠤᠷᠭᠠᠭᠤᠯᠢ ᠶᠢᠨ 286 ᠠᠩᠭᠢ᠂ ᠬᠤᠳᠠ ᠶᠢᠨ ᠮᠤᠩᠭ᠋ᠤᠯ ᠳᠤᠮᠳᠠᠳᠤ ᠰᠤᠷᠭᠠᠭᠤᠯᠢ ᠶᠢᠨ 93 ᠠᠩᠭᠢ ᠪᠠ 106 ᠠᠩᠭᠢ ᠭᠤᠷᠪᠠᠳᠤᠭᠠᠷ ᠲᠤ ᠳᠤᠰ ᠳᠤᠰ ᠳᠤᠳᠤᠷᠠᠪᠠ᠃ ᠡᠭᠦᠨ ᠤ ᠬᠠᠮᠳᠤ ᠬᠤᠳᠠ ᠶᠢᠨ ᠮᠤᠩᠭ᠋ᠤᠯ ᠦᠨᠳᠦᠰᠦᠳᠠᠨ ᠤ ᠨᠢᠭᠡᠳᠦᠭᠡᠷ ᠪᠠᠭ᠎ᠠ ᠰᠤᠷᠭᠠᠭᠤᠯᠢ ᠭᠢᠭᠡᠳ ᠣᠷᠤᠯᠳᠤᠭᠠᠨ ᠳᠤ ᠣᠷᠤᠯᠴᠠᠭᠰᠠᠨ ᠡᠯ᠎ᠡ ᠰᠤᠷᠭᠠᠭᠤᠯᠢ ᠶᠢᠨ ᠰᠤᠷᠤᠭᠴᠢᠳ ᠣᠷᠤᠯᠳᠤᠭᠠᠨ ᠤ ᠳᠤᠮᠳᠠ ᠳᠤᠭᠯᠠᠯᠳᠠ ᠭᠠᠷᠭᠠᠵᠤ ᠭᠦᠷ ᠭᠦᠭ᠍ᠵᠢᠶᠡᠨ ᠨᠠᠮᠠᠯ᠎ᠠ᠃ 《ᠳᠤᠰ ᠣᠳᠠᠭᠠᠨ ᠤ ᠣᠷᠤᠯᠳᠤᠭᠠᠨ ᠤ ᠠᠭᠤᠯᠭ᠎ᠠ ᠭᠡᠯᠪᠠᠷᠢ ᠳᠦᠷᠦᠭᠦᠤ ᠬᠤᠶᠠᠷ ᠣᠳᠠᠭ᠎ᠠ ᠪᠠᠨ ᠪᠣᠳᠤᠪᠠᠯ ᠨᠠᠩ ᠪᠠᠶᠠᠯᠢᠠᠠᠵᠢᠨ᠂ ᠭᠦᠷᠢᠶ᠎ᠡ ᠭᠡᠪᠴᠢᠶ᠎ᠡ ᠥᠷᠭᠡᠳᠴᠡᠢ᠃ ᠡᠨᠡ ᠨᠢ ᠮᠠᠨ ᠤ ᠠᠢ᠌ᠮᠠᠭ ᠤᠨ ᠮᠤᠩᠭ᠋ᠤᠯ ᠳᠤᠮᠳᠠᠳᠤ ᠰᠤᠷᠭᠠᠭᠤᠯᠢ ᠶᠢᠨ ᠪᠠᠭᠰᠢ ᠣᠳᠤᠷᠢᠳᠤᠯᠭ᠎ᠠ ᠵᠢᠴᠢ ᠰᠤᠷᠤᠭᠴᠢ ᠨᠥᠭᠦᠤᠨ ᠤᠨ ᠬᠠᠯᠠᠭᠤᠨ ᠳᠡᠮᠵᠢᠯᠭᠡ ᠡᠴᠡ ᠰᠠᠯᠵᠤ ᠴᠢᠳᠠᠬᠤ ᠦᠭᠡᠶ ᠶᠤᠮ᠃ ᠪᠢᠳᠠ ᠡᠨᠡ ᠣᠳᠠᠭ᠎ᠠ ᠨ·ᠪᠦᠭᠡᠬᠠᠳᠡ᠂ ᠭᠡᠡᠳᠦᠩ ᠵᠡᠷᠭᠡ ᠮᠠᠨ ᠤ ᠠᠢ᠌ᠮᠠᠭ ᠤᠨ ᠮᠤᠩᠭ᠋ᠤᠯ ᠦᠨᠳᠦᠰᠦᠳᠠᠨ ᠤ ᠰᠤᠶᠤᠯ ᠳᠡᠦᠭᠡ ᠶᠢᠨ ᠰᠤᠳᠤᠯᠭᠠᠨ ᠤ ᠳᠠᠯ᠎ᠠ ᠪᠠᠷ ᠨᠠᠷ᠎ᠠ ᠨᠥᠯᠦᠭᠡ ᠪᠦᠭᠦᠢ ᠭᠦᠮᠦᠰ ᠶᠢᠡᠷ ᠭᠢᠨᠠᠭᠴᠢ ᠪᠣᠯᠭᠠᠭᠰᠠᠨ ᠶᠤᠮ᠃ ᠨᠥᠭᠦᠴᠡᠯ ᠲᠡᠶ ᠪᠣᠯ ᠡᠢ᠌ᠮᠦᠷᠭᠦᠤ ᠣᠷᠤᠯᠳᠤᠭᠠᠨ ᠶᠢᠡᠨ ᠵᠢᠯ ᠳᠤ ᠨᠢᠭᠡ ᠡᠴᠡ ᠬᠤᠶᠠᠷ ᠣᠳᠠᠭ᠎ᠠ ᠭᠢᠶ᠎ᠠ ᠭᠡᠵᠤ ᠴᠢᠷᠮᠠᠢ᠌ᠵᠤ ᠪᠠᠢ᠌ᠨ᠎ᠠ᠃ ᠪᠠᠰᠠ ᠣᠷᠤᠯᠳᠤᠭᠠᠨ ᠳᠠᠭᠠᠨ ᠵᠤᠷᠢᠭᠤᠯᠵᠤ ᠳᠦᠷᠦᠭᠦᠭᠡᠨ ᠰᠢᠨ᠎ᠠ ᠪᠠᠷ ᠭᠡᠪᠯᠡᠭ᠍ᠰᠡᠨ 〈ᠮᠤᠩᠭ᠋ᠤᠯ ᠦᠨᠳᠦᠰᠦᠳᠠᠨ ᠤ ᠳᠡᠦᠭᠡ ᠶᠢᠨ ᠶᠠᠷᠤ ᠶᠢᠨ ᠮᠡᠳᠡᠯᠭᠡ ᠶᠢᠨ ᠠᠰᠠᠭᠤᠯᠳᠠ ᠬᠠᠷᠢᠭᠤᠯᠳᠠ〉 ᠭᠡᠭᠦ ᠣᠯᠤᠰ ᠤᠨ ᠪᠦᠭᠦᠢ ᠨᠤᠮ ᠤᠨ ᠰᠠᠭᠤᠷᠢᠨ ᠳᠡᠭᠡᠷ᠎ᠡ ᠣᠷᠤᠨ ᠨᠤᠳᠤᠭ ᠤᠨ ᠣᠠᠴᠠᠯᠢᠭ ᠲᠤ ᠵᠤᠭᠢᠴᠠᠭᠤᠯᠵᠤ᠂ ᠰᠤᠷᠭᠠᠨ ᠭᠦᠮᠦᠵᠢᠯ ᠤᠨ ᠥᠭᠡᠷᠡᠴᠢᠯᠡᠯᠳᠡ ᠳᠤ ᠬᠠᠠᠳᠤᠭᠤᠯᠤᠨ 〈ᠰᠢᠯᠢ ᠶᠢᠨ ᠭᠤᠤᠯ ᠤᠨ ᠰᠤᠶᠤᠯ ᠳᠡᠦᠭᠡ ᠶᠢᠨ ᠶᠠᠷᠤ ᠶᠢᠨ ᠮᠡᠳᠡᠯᠭᠡ ᠶᠢᠨ ᠠᠰᠠᠭᠤᠯᠳᠠ ᠬᠠᠷᠢᠭᠤᠯᠳᠠ〉 ᠭᠡᠭᠦ ᠣᠯᠤᠰ ᠤᠨ ᠳ᠋ᠤᠭᠠᠷ ᠪᠦᠭᠦᠢ ᠨᠤᠮ ᠢ ᠵᠢᠯ ᠤᠨ ᠰᠡᠭᠦᠯᠴᠢ ᠪᠠᠷ ᠭᠠᠷᠭᠠᠬᠤ ᠪᠠᠷ ᠪᠡᠯᠡᠳᠭᠡᠵᠤ ᠪᠠᠢ᠌ᠨ᠎ᠠ᠃ ᠢᠩᠭᠢᠪᠠᠯ ᠮᠠᠨ ᠤ ᠣᠷᠤᠯᠳᠤᠭᠠᠨ ᠨᠠᠩ ᠠᠮᠵᠢᠯᠳᠠᠳᠠᠢ ᠰᠠᠢ᠌ᠬᠠᠨ ᠶᠠᠪᠣᠭᠳᠠᠬᠤ ᠪᠠᠢ᠌ᠬ᠎ᠠ》 ᠭᠡᠵᠤ 《ᠮᠥᠩᠭᠡ ᠭᠠᠯ ᠤᠨ ᠣᠴᠢ》 ᠣᠷᠤᠯᠳᠤᠭᠠᠨ ᠤ ᠡᠭᠦᠰᠭᠡᠨ ᠪᠠᠢ᠌ᠭᠤᠯᠤᠭᠴᠢ ᠴ·ᠴᠡᠩᠭᠡᠯᠳᠤ ᠪᠠᠭᠰᠢ ᠳᠸᠯᠸᠢᠰ ᠬᠤᠷᠢᠶᠠᠨ ᠤ ᠰᠤᠷᠪᠣᠯᠵᠢᠯᠠᠭ᠎ᠠ ᠶᠢ ᠭᠦᠯᠢᠶᠡᠭᠦ ᠳᠡᠭᠡᠨ ᠡᠢᠳᠡᠭᠡᠯ ᠳᠡᠭᠦᠯᠳᠡᠷ ᠶᠠᠷᠢᠯ᠎ᠠ᠃

ᠳᠡᠦᠭᠡ ᠪᠣᠯ ᠨᠢᠭᠡ ᠦᠨᠳᠦᠰᠦᠳᠠᠨ ᠤ ᠵᠤᠷᠢᠭ ᠰᠠᠨᠠᠭ᠎ᠠ᠂ ᠣᠯᠠ ᠮᠦᠷ᠂ ᠪᠦᠯᠭᠦᠮᠳᠡᠨ ᠳᠡᠮᠡᠴᠡᠭᠦ ᠶᠢᠨ ᠣᠴᠢ ᠶᠢᠨ ᠭᠠᠯ ᠮᠦᠨ᠃ 《ᠭᠦᠮᠤᠨ ᠭᠡᠮᠡᠭᠡᠳ ᠦᠨᠳᠦᠰᠦᠳᠠᠨ ᠶᠢᠡᠨ ᠦᠯᠦ ᠮᠡᠳᠡᠭᠦ ᠢᠨᠦ ᠠᠳᠤᠭᠤᠰᠤᠨ ᠪᠣᠶᠤ᠂ ᠳᠠᠢ᠌ᠵᠢ ᠭᠡᠮᠡᠭᠡᠳ ᠡᠪᠦᠭᠡ ᠶᠤᠭᠡᠨ ᠦᠯᠦ ᠮᠡᠳᠡᠭᠦ ᠢᠨᠦ ᠮᠠᠯ ᠪᠣᠶᠤ᠂ ᠨᠢᠳᠤ ᠪᠣᠢ ᠪᠦᠭᠡᠳ ᠳᠡᠦᠭᠡ ᠶᠤᠭᠡᠨ ᠦᠯᠦ ᠥᠵᠡᠭᠦ ᠢᠨᠦ ᠰᠤᠬᠤᠷ ᠨᠤᠮᠤᠨ ᠪᠣᠶᠤ᠂ ᠮᠠᠳᠠᠯᠳᠠᠢ ᠪᠦᠭᠡᠳ ᠢᠵᠠᠭᠤᠷ ᠶᠢᠡᠨ ᠦᠯᠦ ᠰᠡᠳᠭᠢᠭᠦ ᠢᠨᠦ ᠮᠤᠩᠬᠠᠭ ᠭᠠᠬᠠᠢ ᠪᠣᠶᠤ》 ᠭᠡᠵᠤ ᠡᠷᠳᠡ ᠡᠴᠡ ᠭᠦᠮᠦᠰ ᠮᠠᠨ ᠳᠤ ᠰᠠᠨᠠᠭᠤᠯᠤᠭᠰᠠᠨ ᠪᠠᠢ᠌ᠳᠠᠭ᠃ ᠭᠡᠭᠦ ᠳᠤ ᠪᠢᠳᠠ ᠳᠤᠷᠠᠳᠠᠶ᠎ᠠ ᠰᠤᠬᠤᠷ ᠨᠤᠮᠤᠨ ᠪᠣᠶᠤ ᠮᠤᠩᠬᠠᠭ ᠭᠠᠬᠠᠢ ᠪᠣᠯᠵᠤ ᠨᠢᠳᠤ ᠪᠣᠢ ᠪᠣᠳᠤᠯ ᠰᠠᠷᠠᠭᠤᠯ ᠪᠠᠢ᠌ᠳᠠᠯ᠎ᠠ ᠦᠪᠡᠷ ᠤᠨ ᠰᠤᠶᠤᠯ ᠳᠡᠦᠭᠡ ᠪᠠᠨ ᠭᠦᠡᠳᠦᠳᠭᠡᠭᠦ ᠦᠭᠡᠶ ᠨᠢ ᠶᠠᠭᠤ ᠪᠢᠯᠠ︖ ᠣᠯᠤᠰ ᠤᠨ ᠰᠢᠯᠭᠠᠯᠳᠠ ᠳᠤ ᠦᠨᠳᠦᠷ ᠬᠤᠪᠢ ᠣᠯᠬᠤ ᠴᠢᠬᠤᠯᠠ ᠭᠡᠭᠦ ᠳᠤ ᠰᠡᠭᠡᠭᠡᠳᠡᠨ ᠪᠣᠯᠵᠤ ᠨᠤᠳᠤᠭ ᠣᠷᠤᠨ ᠳᠠᠭᠠᠨ ᠭᠡᠷᠡᠭ᠍ᠴᠡᠭᠡ ᠲᠡᠶ ᠶᠠᠪᠣᠬᠤ ᠭᠡᠭ᠍ᠴᠢ ᠨᠠᠩ ᠴᠢᠬᠤᠯᠠ ᠪᠠᠢ᠌ᠵᠤ ᠳᠠᠭᠠᠷᠠᠨ᠎ᠠ᠃ ᠪᠢᠳᠠᠨ ᠤ ᠭᠦᠮᠦᠵᠢᠭᠦᠯᠦᠭ᠍ᠰᠡᠨ ᠬᠡᠦᠬᠡᠳ ᠤᠨ ᠵᠢᠷᠦᠭᠡ ᠨᠢ ᠪᠦᠷ ᠭᠠᠳᠠᠭᠰᠢ ᠬᠠᠷᠠᠴᠢᠬᠠᠭᠰᠠᠨ ᠪᠣᠯ ᠳᠠᠭᠢᠵᠤ ᠡᠷᠭᠢᠭᠦᠯᠭᠦ ᠳᠤ ᠭᠦᠴᠢᠷ ᠡᠴᠡ ᠭᠦᠴᠢᠷ᠃ ᠰᠤᠷᠭᠠᠭᠤᠯᠢ ᠰᠤᠶᠤᠯ ᠤᠨ ᠭᠠᠵᠠᠷ ᠭᠡᠵᠤ ᠨᠤᠮ ᠵᠢᠭᠠᠬᠤ ᠯᠠ ᠳᠠᠳᠤᠢ ᠪᠢᠰᠢ ᠭᠦᠮᠤᠨ ᠪᠣᠯᠬᠤ ᠶᠢᠨ ᠣᠬᠠᠭᠠᠨ᠂ ᠡᠷᠳᠡᠮ ᠢ ᠰᠤᠷᠤᠭᠰᠠᠨ ᠤ ᠳᠠᠷᠠᠭ᠎ᠠ ᠦᠨᠳᠦᠰᠦᠳᠠᠨ ᠣᠭᠰᠠᠭᠠᠳᠠᠨ ᠳᠠᠭᠠᠨ ᠶᠠᠭᠤ ᠨᠢᠭᠡ ᠶᠢ ᠭᠢᠵᠤ ᠶᠠᠪᠣᠬᠤ ᠬᠠᠷᠢᠭᠤᠴᠠᠯᠭ᠎ᠠ ᠶᠢ ᠮᠡᠳᠡᠭᠦᠯᠪᠠᠯ ᠨᠠᠩ ᠠᠯᠤᠰ ᠭᠡᠳᠤ ᠶᠢᠨ ᠠᠴᠢ ᠬᠤᠯᠪᠣᠭᠳᠠᠯ ᠲᠡᠶ ᠰᠤᠷᠭᠠᠨ ᠭᠦᠮᠦᠵᠢᠯ ᠪᠠᠢ᠌ᠵᠤ ᠳᠠᠭᠠᠷᠠᠨ᠎ᠠ᠃ ᠡᠰᠡ ᠳᠡᠭᠡᠪᠠᠯ ᠦᠨᠳᠦᠰᠦᠳᠠᠨ ᠤ ᠰᠤᠶᠤᠯ ᠳᠠᠭᠠᠨ ᠬᠠᠷᠢᠭᠤᠴᠠᠯᠭ᠎ᠠ ᠠᠯᠳᠠᠭᠰᠠᠨ ᠠᠵᠢᠯᠯᠠᠭ᠎ᠠ ᠮᠦᠨ᠃

ᠬᠡᠦᠬᠡᠳ ᠶᠢᠡᠨ ᠮᠤᠩᠭ᠋ᠤᠯ ᠶᠢᠡᠷ ᠥᠵᠡᠭᠦᠯᠦᠨ᠎ᠡ ᠦᠦ ᠭᠢᠳᠠᠤᠨ ᠶᠢᠡᠷ ᠥᠵᠡᠭᠦᠯᠦᠨ᠎ᠡ ᠦᠦ ᠭᠡᠳᠡᠭ᠍ᠴᠢᠯᠡᠨ ᠪᠢᠳᠠ ᠭᠡᠨ ᠡᠴᠡ ᠠᠰᠠᠭᠤᠯᠳᠠ ᠡᠷᠢᠭᠦ ᠪᠢᠯᠠ︖ ᠦᠪᠡᠷ ᠤᠨ ᠪᠠᠶ᠎ᠠ ᠡᠴᠡ ᠪᠠᠨ ᠠᠰᠠᠭᠤᠪᠠᠯ ᠳᠠᠭᠠᠷᠠᠨ᠎ᠠ᠃ ᠮᠤᠩᠭ᠋ᠤᠯ ᠳᠡᠦᠭᠡ ᠶᠢᠨ ᠭᠢᠴᠢᠶᠠᠯ ᠢ ᠡᠯ᠎ᠡ ᠮᠤᠩᠭ᠋ᠤᠯ ᠰᠤᠷᠭᠠᠭᠤᠯᠢ ᠳᠤ ᠣᠷᠤᠬᠤ ᠴᠤ ᠠᠳᠠᠯᠢ᠂ ᠪᠢᠳᠠ ᠭᠡᠨ ᠡᠴᠡ ᠵᠦᠪᠰᠢᠶᠠᠷᠠᠯ ᠠᠪᠬᠤ ᠪᠣᠢ︖ ᠨᠠᠮ ᠲᠦᠷᠦ ᠶᠢᠨ ᠪᠣᠳᠤᠯᠭ᠎ᠠ ᠠᠭᠤᠵᠢᠮ᠂ ᠥᠰᠦᠭ᠌ ᠪᠢᠴᠢᠭ᠌᠂ ᠰᠤᠶᠤᠯ ᠳᠡᠦᠭᠡ ᠪᠠᠨ ᠮᠠᠳᠠᠵᠤ ᠠᠪᠬᠤ ᠨᠢ ᠪᠢᠳᠠᠨ ᠤ ᠡᠷᠭᠡ᠂ ᠪᠢᠳᠠᠨ ᠳᠤ ᠬᠠᠤᠯᠢ ᠴᠠᠭᠠᠵᠠ ᠶᠢᠨ ᠪᠠᠳᠤᠯᠠᠭ᠎ᠠ ᠲᠡᠶ᠃ ᠭᠡᠭᠦ ᠳᠤ ᠣᠯᠠᠨ ᠣᠳᠠᠭ᠎ᠠ ᠳᠤᠷᠠᠳᠤᠭᠠᠤᠨ ᠶᠠᠭᠤᠨ ᠳᠤ ᠣᠯᠢᠭᠳᠠᠢ ᠰᠠᠢ᠌ᠬᠠᠨ ᠪᠠᠶᠡᠯᠡᠭᠦᠯᠵᠤ ᠴᠢᠳᠠᠳᠠᠭ ᠦᠭᠡᠶ ᠪᠣᠢ︖ ᠪᠢᠳᠠ ᠭᠡᠨ ᠡᠴᠡ ᠠᠰᠠᠭᠤᠬᠤ ᠪᠣᠢ︖ ᠦᠪᠡᠷ ᠤᠨ ᠪᠠᠶ᠎ᠠ ᠡᠴᠡ ᠪᠠᠨ ᠯᠠ ᠠᠰᠠᠭᠤᠨ᠎ᠠ᠃ ᠨᠢᠭᠡ ᠭᠦᠮᠤᠨ ᠪᠣᠰᠤᠳ ᠢ ᠢᠯᠡᠬᠤ ᠳᠤ ᠠᠮᠠᠷ᠂ ᠬᠠᠷᠢᠨ ᠦᠪᠡᠷ ᠢ ᠪᠠᠨ ᠢᠯᠡᠬᠤ ᠳᠤ ᠭᠦᠴᠢᠷ ᠪᠠᠢ᠌ᠳᠠᠭ ᠤᠨ ᠠᠳᠠᠯᠢ ᠭᠡᠵᠢᠶ᠎ᠡ ᠮᠠᠨᠤᠰ ᠪᠦᠷᠢᠮᠦᠰᠤᠨ ᠰᠡᠭᠡᠰᠭᠢᠵᠤ ᠦᠪᠡᠷ ᠤᠨ ᠰᠤᠶᠤᠯ ᠳᠡᠦᠭᠡ ᠪᠠᠨ ᠳᠡᠭᠡᠳᠦᠯᠡᠨ ᠭᠦᠡᠳᠦᠳᠭᠡᠳᠡᠭ᠌ ᠪᠣᠯ︖ ᠳᠠᠷᠠ ᠦᠶ᠎ᠡ ᠪᠣᠯᠳᠠᠯ᠎ᠠ ᠪᠢᠳᠠ ᠭᠡᠴᠢᠨᠡᠨ ᠦᠨᠳᠦᠰᠦᠳᠠᠨ ᠤ ᠰᠢᠯᠢᠳᠡᠭ᠌ ᠵᠠᠯᠭᠠᠮᠵᠢᠯᠠᠭᠴᠢ ᠪᠠᠨ ᠠᠯᠳᠠᠳᠠᠭ ᠪᠣᠯ ᠭᠡᠵᠤ ᠪᠣᠳᠤᠬᠤ ᠡᠴᠡ ᠵᠢᠷᠦᠭᠡ ᠰᠢᠮᠰᠢᠷᠠᠨ᠎ᠠ᠃

《ᠪᠣᠤ ᠮᠠᠷᠳᠠ ᠮᠠᠷᠳᠠᠪᠠᠯ ᠮᠥᠭᠦᠨ᠎ᠡ᠂ ᠪᠣᠤ ᠬᠠᠭᠠᠴᠠ ᠬᠠᠭᠠᠴᠠᠪᠠᠯ ᠰᠦᠨᠤᠨ᠎ᠠ》 ᠭᠡᠭᠦ ᠥᠭᠡ ᠶᠢᠨ ᠣᠤᠠᠬ᠎ᠠ ᠶᠢ ᠣᠯᠠᠨ ᠡᠴᠡ ᠣᠯᠠᠨ ᠭᠦᠮᠤᠨ ᠣᠬᠠᠵᠤ ᠮᠠᠳᠠᠪᠠ᠃ ᠮᠠᠨᠤᠰ ᠲᠤ ᠠᠯᠳᠠᠵᠤ ᠪᠠᠢ᠌ᠭ᠎ᠠ ᠵᠣᠢ᠌ᠯᠠᠰ ᠨᠡᠭᠡᠷᠡᠨ ᠣᠯᠠᠨ ᠪᠣᠢ᠃ ᠰᠤᠷᠭᠠᠭᠤᠯᠢ ᠳᠦᠪᠯᠡᠷᠡᠭᠦᠯᠭᠦ ᠶᠢ ᠳᠠᠭᠠᠯᠳᠤᠨ ᠣᠯᠠᠨ ᠭᠦᠮᠤᠨ ᠪᠢᠴᠢᠭ᠌ ᠥᠵᠡᠭᠦ ᠪᠠᠨ ᠵᠤᠭᠰᠤᠵᠤ ᠪᠠᠢ᠌ᠬᠤ ᠪᠠ ᠰᠢᠭᠤᠳ ᠭᠢᠳᠠᠤᠨ ᠶᠢᠡᠷ ᠪᠢᠴᠢᠭ᠌ ᠥᠵᠡᠭᠦᠯᠭᠦ᠂ ᠦᠪᠡᠷ ᠤᠨ ᠰᠠᠢ᠌ᠨ ᠳᠤᠷ᠎ᠠ ᠡᠴᠡ ᠪᠠᠨ ᠨᠤᠳᠤᠭ ᠶᠢᠡᠨ ᠬᠤᠳᠠᠯᠳᠤᠵᠤ ᠪᠣᠰᠤᠳ ᠭᠦᠮᠤᠨ ᠤ ᠭᠡᠳᠤᠨ ᠴᠠᠭᠠᠰᠤᠨ ᠵᠤᠭᠤᠰ ᠢ ᠣᠯᠤᠭᠠᠤᠨ ᠰᠤᠶᠤᠯ ᠲᠡᠶ ᠪᠠᠨ᠂ ᠭᠡᠯᠡ ᠲᠡᠶ ᠪᠠᠨ ᠪᠠᠯᠠᠷᠠᠵᠤ ᠪᠠᠢ᠌ᠬᠤ ᠵᠡᠷᠭᠡ ᠣᠯᠠᠨ ᠪᠠᠢ᠌ᠨ᠎ᠠ᠃ ᠡᠳᠡᠭᠡᠷ ᠢ ᠬᠠᠷᠠᠵᠤ ᠰᠠᠭᠤᠭᠠᠤᠨ ᠬᠠᠷᠠᠮᠰᠠᠬᠤ ᠪᠢᠰᠢ᠂ ᠬᠠᠷᠢᠨ ᠦᠨᠳᠦᠰᠦᠳᠠᠨ ᠤ ᠭᠡᠳᠡᠭ᠌ ᠬᠠᠷᠢᠭᠤᠴᠠᠭᠠᠯᠳᠤ ᠰᠡᠳᠬᠢᠯᠭᠡ ᠪᠠᠨ ᠨᠡᠮᠡᠭ᠍ᠳᠡᠭᠦᠯᠵᠤ᠂ ᠦᠪᠡᠷ ᠤᠨ ᠶᠠᠭᠤᠮ᠎ᠠ ᠪᠠᠨ ᠦᠪᠡᠷ ᠶᠢᠡᠨ ᠭᠢᠵᠤ ᠶᠠᠪᠣᠬᠤ ᠣᠬᠠᠮᠰᠠᠷ ᠴᠢᠬᠤᠯᠠ ᠲᠡᠶ ᠪᠠᠢ᠌ᠨ᠎ᠠ᠃ ᠣᠳᠤᠬᠠᠨ ᠳᠤ ᠵᠠᠬ᠎ᠠ ᠶᠢᠨ ᠠᠵᠤ ᠠᠬᠤᠢ ᠳᠤ ᠣᠷᠤᠬᠤ ᠶᠢ ᠳᠠᠭᠠᠯᠳᠤᠨ ᠭᠡᠰᠡᠭ᠌ ᠭᠦᠮᠦᠰ ᠤᠨ ᠦᠵᠡᠯ ᠪᠣᠳᠤᠯ ᠳᠤ ᠬᠤᠪᠢᠷᠠᠯᠳᠠ ᠭᠠᠷᠴᠤ ᠦᠪᠡᠷ ᠤᠨ ᠶᠠᠭᠤᠮ᠎ᠠ ᠪᠠᠨ ᠭᠢᠵᠤ ᠶᠠᠪᠣᠬᠤ ᠳᠤ ᠪᠠᠰᠠ ᠪᠣᠰᠤᠳ ᠡᠴᠡ ᠭᠠᠷ ᠬᠠᠷᠠᠬᠤ ᠪᠣᠯᠵᠠᠢ᠃ ᠡᠨᠡ ᠶᠠᠭᠤᠮ᠎ᠠ ᠶᠢ ᠭᠢᠪᠠᠯ ᠶᠠᠭᠤ ᠣᠯᠳᠠᠭ ᠪᠣᠯ᠂ ᠭᠡᠳᠦᠢ ᠣᠯᠳᠠᠭ ᠪᠣᠯ ᠭᠡᠰᠡᠨ ᠪᠣᠳᠤᠯ ᠲᠡᠶ ᠭᠦᠮᠤᠨ ᠣᠯᠠᠨ ᠪᠣᠯᠵᠠᠢ᠃ ᠣᠢ᠌ᠷ᠎ᠠ ᠳᠤ ᠪᠢ ᠪᠦᠭᠦ ᠠᠢ᠌ᠮᠠᠭ ᠤᠨ ᠭᠡᠪᠴᠢᠶᠡᠨ ᠤ ᠨᠢᠭᠡ ᠣᠷᠤᠯᠳᠤᠭᠠᠨ ᠡᠷᠭᠢᠯᠡᠪᠡ᠃ ᠷᠠᠳᠢᠤ᠋᠂ ᠳᠸᠯᠸᠢᠰ᠂ ᠰᠤᠨᠢᠨ ᠤ ᠭᠢᠨ ᠶᠠᠭᠤᠨ ᠤ ᠳᠦᠯᠦᠭᠡ ᠭᠡᠵᠤ ᠠᠰᠠᠭᠤᠬᠤ ᠳᠤ ᠪᠢ ᠢᠳᠡᠭᠡᠯ ᠳᠦᠭᠦᠷᠡᠩ ᠶᠢᠡᠷ 《ᠨᠢᠭᠡ ᠳᠤ᠂ ᠬᠤᠶᠠᠷ ᠲᠤ》 ᠭᠡᠭᠦ ᠮᠠᠳᠤ ᠪᠠᠷ ᠴᠡᠭᠡᠵᠢᠯᠡᠭ᠍ᠰᠡᠨ ᠮᠠᠳᠤ ᠣᠷᠤᠰᠤᠭᠤᠯᠵᠤ ᠭᠠᠷᠭᠠᠪᠠ᠃ ᠳᠡᠭᠡᠭᠦ ᠳᠤ ᠪᠠᠰᠠ ᠭᠡᠳᠤᠨ ᠨᠥᠭᠦᠤᠨ ᠤᠨ 《ᠴᠢ ᠶᠠᠭᠠᠭᠢᠬᠤ ᠭᠡᠵᠤ ᠪᠠᠢ᠌ᠬᠤ ᠪᠣᠢ︖》 ᠭᠡᠰᠡᠨ ᠠᠰᠠᠭᠤᠯᠳᠠ ᠵᠢᠴᠢ ᠳᠠᠷᠠ ᠭᠦᠮᠤᠨ ᠤ ᠬᠠᠷᠠᠴᠠ ᠶᠢ ᠬᠠᠷᠠᠭᠠᠤᠨ ᠪᠢ ᠡᠨᠡ ᠠᠰᠠᠭᠤᠯᠳᠠ ᠶᠢ ᠬᠠᠷᠢᠭᠤᠯᠵᠤ ᠴᠢᠳᠠᠭᠰᠠᠨ ᠦᠭᠡᠶ᠂ ᠭᠤᠤᠯ ᠨᠢ ᠬᠠᠷᠢᠭᠤᠯᠤᠭᠰᠠᠨ ᠤ ᠴᠢᠬᠤᠯᠠ ᠦᠭᠡᠶ ᠭᠡᠵᠤ ᠪᠣᠳᠤᠭᠰᠠᠨ ᠶᠤᠮ᠃ ᠪᠦᠷ ᠡᠢ᠌ᠮᠤ ᠪᠣᠯᠤᠭᠰᠠᠨ ᠬᠣᠢ᠌ᠨ᠎ᠠ ᠮᠠᠨ ᠤ ᠰᠤᠶᠤᠯ ᠭᠡᠷᠭᠢᠨ ᠭᠦᠭ᠍ᠵᠢᠭᠦ ᠠᠵᠠᠢ᠃ ᠪᠢᠳᠠ ᠡᠡᠭ᠌ ᠳᠡᠷᠢᠭᠦᠨ ᠳᠤ ᠦᠪᠡᠷ ᠢ ᠪᠠᠨ ᠥᠭᠡᠷᠡᠴᠢᠯᠡᠶ᠎ᠡ᠂ ᠦᠪᠡᠷ ᠢ ᠪᠠᠨ ᠢᠯᠡᠶ᠎ᠡ᠂ ᠥᠷᠦᠭᠡᠯ ᠪᠣᠰᠤᠳ ᠡᠴᠡ ᠬᠤᠴᠤᠷᠬᠤ ᠦᠭᠡᠶ ᠶᠢᠨ ᠳᠦᠯᠦᠭᠡ ᠠᠭᠤᠤ ᠳᠡᠭᠡᠳᠦᠰ ᠲᠡᠭᠡᠨ ᠣᠰᠤᠯᠳᠠᠵᠤ ᠦᠯᠦ ᠪᠣᠯᠬᠤ ᠵᠢᠠ ᠣᠴᠢᠷ ᠦᠨᠦᠳᠤᠷ ᠡᠴᠡ ᠡᠭᠢᠯᠡᠵᠤ᠂ ᠪᠠᠭ᠎ᠠ ᠡᠴᠡ ᠡᠭᠢᠯᠡᠵᠤ ᠦᠪᠡᠷ ᠤᠨ ᠭᠡᠰᠡᠨ ᠶᠠᠭᠤᠮ᠎ᠠ ᠪᠠᠨ ᠦᠪᠡᠷ ᠶᠢᠡᠨ ᠪᠠᠶ᠎ᠠ ᠪᠠᠨ ᠳᠠᠭᠠᠭᠠᠵᠤ ᠭᠢᠵᠤ ᠶᠠᠪᠣᠵᠠᠭᠠᠶ᠎ᠠ᠃ ᠭᠦᠮᠤᠨ ᠪᠦᠭᠦᠨ ᠡᠢ᠌ᠮᠤ ᠪᠣᠯᠤᠭᠰᠠᠨ ᠬᠣᠢ᠌ᠨ᠎ᠠ ᠪᠢᠳᠠ ᠭᠦᠭ᠍ᠵᠢᠭᠦ ᠨᠢ ᠭᠠᠷᠴᠠᠭ᠎ᠠ ᠦᠭᠡᠶ᠃


ᠵᠤᠬᠢᠶᠠᠭᠴᠢ᠄ ᠴᠡᠩᠭᠡᠯᠳᠤ
ᠬᠠᠷᠢᠶ᠎ᠠ᠄ ᠰᠤᠶᠤᠯ ᠣᠷᠠᠯᠢᠭ
ᠳᠠᠷᠤᠮ᠄ 51879
ᠴᠠᠭ᠄ 2009 ᠤᠨ ᠤ 08 ᠰᠠᠷ᠎ᠠ ᠶᠢᠨ 06
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ