☆ ᠰᠠ᠊·ᠵᠠᠮᠢᠶᠠᠨ
ᠰᠢᠨ᠎ᠡ ᠭᠦᠳᠡᠭᠡ
ᠰᠦᠷᠦᠭ᠌ ᠶᠢᠡᠷ ᠪᠠᠯᠴᠢᠳᠡᠭ᠌ ᠮᠠᠯ
ᠰᠡᠭᠦᠳᠡᠷᠳᠤ ᠫᠧᠩ ᠳᠤ ᠬᠤᠷᠢᠭᠳᠠᠵᠤ
ᠰᠦᠷᠯᠢᠭ᠌ ᠦᠨᠳᠦᠷ ᠠᠭᠤᠯᠠᠰ
ᠨᠢ᠋ᠮᠠᠨ ᠵᠤᠪᠭᠢᠰ ᠡᠴᠡ ᠪᠠᠨ ᠮᠠᠯᠳᠠᠭᠳᠠᠵᠤ
ᠠᠳᠠᠷ ᠭᠡᠭᠡᠷ᠎ᠡ ᠳᠠᠯ᠎ᠠ
ᠠᠷ ᠳᠠᠳᠠᠨ ᠬᠠᠯᠴᠠᠭᠠᠢ᠌ᠷᠠᠵᠤ
ᠠᠷᠠᠤᠨ ᠶᠢᠡᠨ ᠲᠦᠯᠦᠭᠡᠯᠡᠭ᠍ᠰᠡᠨ ᠨᠤᠶᠠᠤᠨ
ᠠᠰᠢᠭ ᠤᠨ ᠬᠣᠢ᠌ᠨ᠎ᠠ ᠡᠴᠡ ᠳᠠᠭᠤᠴᠠᠯᠳᠤᠵᠤ
ᠬᠠᠷ᠎ᠠ ᠴᠠᠭᠠᠨ ᠵᠠᠮ ᠤᠳ
ᠵᠥᠭ᠌ ᠴᠢᠭ᠌ ᠦᠭᠡᠶ ᠰᠦᠯᠵᠢᠯᠳᠤᠵᠤ
ᠬᠠᠩᠰᠢ ᠶᠢ ᠨᠢ ᠮᠡᠳᠡᠭᠦ ᠦᠭᠡᠶ ᠳᠡᠷᠭᠡ ᠨᠤᠭᠦᠳ
ᠨᠢᠭᠤᠷ ᠨᠢᠳᠤ ᠦᠭᠡᠶ ᠳᠠᠪᠭᠢᠯᠳᠤᠵᠤ
ᠠᠵᠢᠯ ᠠᠯᠳᠠᠭᠰᠠᠨ ᠵᠠᠯᠠᠭᠤᠴᠤᠳ
ᠮᠤᠲ᠋ᠤᠷ ᠤᠨ ᠨᠢᠷᠤᠭᠤᠨ ᠳᠤ ᠡᠯᠢᠭᠡᠳᠡᠵᠤ
ᠠᠢ᠌ᠯ ᠶᠢᠡᠨ ᠭᠤᠯᠤᠭᠰᠠᠨ ᠭᠡᠦᠭᠡᠡᠴᠦᠳ
ᠬᠤᠳᠠ ᠶᠢᠨ ᠰᠠᠯᠭᠢᠨ ᠳᠤ ᠳᠠᠷᠪᠠᠯᠵᠠᠵᠤ
ᠠᠭᠰᠢᠷᠠᠭ᠎ᠠ ᠪᠣᠭᠤᠷᠤᠯ ᠨᠠᠰᠤᠳᠠᠤᠨ
ᠰᠤᠷᠭᠠᠭᠤᠯᠢ ᠶᠢᠨ ᠡᠭᠦᠳᠡᠨ ᠳᠤ ᠪᠠᠭᠡᠪᠠᠢ᠌ᠯᠴᠡᠵᠤ
ᠠᠯᠢᠶ᠎ᠠ ᠭᠦᠭᠡᠷᠦᠭᠦᠨ ᠬᠡᠦᠬᠡᠳ ᠤᠳ
ᠭᠦᠳᠡᠭᠡ᠂ ᠬᠤᠳᠡ ᠳᠤ ᠳᠡᠯᠡᠭ᠍ᠳᠡᠵᠤ
ᠠᠶ᠎ᠠ ᠬᠤᠬᠤᠢ
ᠠᠷᠤ ᠭᠠᠵᠠᠷ ᠤᠨ ᠰᠢᠨ᠎ᠡ ᠭᠦᠳᠡᠭᠡ ᠮᠢᠨᠢ ᠡ ︕
2012.03.26
ᠵᠤᠬᠢᠶᠠᠭᠴᠢ ᠶᠢᠨ ᠬᠠᠶᠢᠭ ᠄ ᠦᠪᠣᠷ ᠮᠤᠩᠭ᠋ᠤᠯ ᠠᠷᠤ ᠬᠤᠷᠴᠢᠨ
ᠵᠤᠬᠢᠶᠠᠭᠴᠢ᠄ ᠰᠠ᠊·ᠵᠠᠮᠢᠶᠠᠨ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2642
ᠴᠠᠭ᠄ 2012 ᠤᠨ ᠤ 03 ᠰᠠᠷ᠎ᠠ ᠶᠢᠨ 26
ᠨᠠᠢ᠌ᠷᠠᠭᠤᠯᠤᠭᠴᠢ᠄ ᠪᠦᠬᠡᠡᠷᠳᠡᠨᠢ