☆ ᠡ᠊·ᠳᠠᠮᠤᠷ
ᠰᠠᠳᠤᠪ ᠥᠭᠡᠢ
0
ᠦᠴᠦᠭᠡᠳᠦᠷ
《ᠠᠯᠳᠠᠭᠰᠠᠨ ᠠᠳᠤᠭᠤ ᠶᠢ ᠣᠯᠬᠤ ᠳᠤ ᠠᠮᠠᠷ
ᠠᠰᠬᠠᠭᠰᠠᠨ ᠣᠰᠤ ᠶᠢ ᠬᠤᠷᠢᠶᠠᠬᠤ ᠳᠤ ᠭᠦᠴᠢᠷ》 ᠭᠡᠳᠡᠭ᠌
ᠦᠨᠦᠳᠤᠷ
ᠠᠰᠬᠠᠭᠰᠠᠨ ᠣᠰᠤ ᠶᠢ ᠬᠤᠷᠢᠶᠠᠬᠤ ᠳᠤ ᠠᠮᠠᠷ
ᠠᠯᠳᠠᠭᠰᠠᠨ ᠠᠳᠤᠭᠤ ᠶᠢ ᠣᠯᠬᠤ ᠳᠤ ᠭᠦᠴᠢᠷ ᠪᠣᠯᠪᠠ
ᠮᠠᠷᠭᠠᠰᠢ
ᠶᠠᠮᠠᠷ ᠪᠣᠯᠳᠠᠭ ᠪᠣᠯ︖
1
《ᠵᠥᠪᠭᠡᠨ ᠮᠤᠩᠭ᠋ᠤᠯ ᠳ᠋ᠭᠠᠨ》 ᠭᠡᠵᠤ
ᠪᠢᠳᠡᠭᠡᠢ ᠳᠠᠭᠤᠯᠠᠭᠠᠤᠨ ᠪᠠᠢ
ᠵᠥᠪᠭᠡᠨ ᠮᠤᠩᠭ᠋ᠤᠯ ᠶᠢᠡᠷ ᠭᠡᠵᠤ
ᠵᠢᠳᠭᠦᠵᠤ ᠢᠯᠡᠭᠦᠤ ᠶᠠᠪᠣᠶ᠎ᠠ
2
ᠰᠢᠭᠤᠢ ᠳᠤ ᠠᠮᠢᠳᠠᠤᠨ ᠴᠥᠭᠡᠷᠡᠪᠡ
ᠰᠢᠨᠤᠯ ᠳᠤ ᠭᠦᠮᠦᠰ ᠰᠢᠳᠠᠪᠠ
ᠰᠢᠯᠦᠭ᠌ ᠲᠤ ᠪᠢ ᠰᠢᠨᠤᠪᠠ
3
ᠮᠤᠩᠭ᠋ᠤᠯ ᠬᠤᠪᠴᠠᠰᠤ ᠵᠢᠭᠡᠯᠡᠵᠤ
ᠰᠡᠭᠦᠳᠡᠷ ᠨᠢᠭᠡ ᠳᠠᠳᠠᠭᠤᠯᠪᠠ
ᠰᠡᠭᠦᠳᠡᠷ ᠢ ᠬᠠᠷᠠᠭᠠᠤᠨ ᠭᠦᠤ ᠮᠢᠨᠢ
ᠠᠪᠣ ᠪᠠᠨ ᠴᠤ ᠳᠠᠨᠢᠵᠤ ᠶᠠᠳᠠᠪᠠ
ᠭᠦᠭᠡᠷᠦᠭᠦᠢ ᠪᠢ᠂ ᠦᠪᠡᠷ ᠶᠢᠡᠨ ᠴᠤ
ᠡ᠊ᠨᠳᠡᠭᠦᠷᠡᠮᠡᠷ ᠬᠣᠢ᠌ᠨ᠎ᠠ
4
ᠭᠠᠯ ᠪᠣᠯᠤᠨ ᠳᠦᠷᠠᠯᠵᠠᠪᠠᠯ
ᠭᠠᠭᠴᠠᠬᠠᠨ ᠮᠤᠳᠤ ᠪᠠᠨ ᠴᠤ ᠪᠢᠳᠡᠭᠡᠢ ᠰᠢᠳᠠᠭ᠎ᠠ
ᠡᠭᠦᠯᠡ ᠪᠣᠯᠵᠤ ᠭᠦᠪᠪᠦᠪᠠᠯ
ᠦᠨᠦᠴᠢᠨ ᠡᠪᠠᠰᠤ ᠪᠠᠨ ᠴᠤ ᠪᠢᠳᠡᠭᠡᠢ ᠭᠠᠩᠳᠠᠭ᠎ᠠ
5
ᠪᠠᠷᠰ ᠵᠢᠷᠤᠬᠤ ᠭᠡᠳ ᠭᠦᠮᠦᠰ
ᠮᠤᠤᠷ ᠵᠢᠷᠤᠭᠠᠤᠨ ᠣᠢ᠌ᠮᠠᠯᠳᠤᠨᠠ
ᠵᠢᠭᠠᠰᠤ ᠪᠠᠷᠢᠬᠤ ᠭᠡᠳ ᠪᠢ
ᠮᠤᠭᠠᠢ ᠪᠠᠷᠢᠭᠠᠤᠨ ᠳᠦᠪᠠᠭ᠍ᠳᠡᠨᠡ
6
ᠰᠠᠨᠠᠭᠠᠨ ᠤ ᠥᠵᠦᠭᠦᠷ ᠡᠴᠡ ᠭᠦᠭᠡᠰᠦᠷᠦᠭ᠍ᠰᠡᠨ
ᠰᠥ᠋ ᠦᠷᠦᠮᠳᠦᠭᠦ ᠦᠭᠡᠶ
ᠦᠷᠦᠮᠳᠦᠭᠦ ᠳᠤ ᠳᠤᠷᠠᠯᠠᠭᠰᠠᠨ ᠪᠠᠢ᠌ᠪᠠᠯ
ᠰᠥ᠋ ᠭᠦᠭᠡᠰᠦᠷᠡᠭᠦ ᠦᠭᠡᠶ
7
ᠭᠠᠳᠠᠭᠠᠳᠤ ᠶᠢᠨ ᠨᠠᠷᠠᠳᠤ ᠠᠷᠢᠭᠢ ᠪᠠᠨ
ᠰᠠᠮᠵᠠ ᠶᠢᠨ ᠳᠠᠷᠢᠭᠢ ᠪᠠᠷ ᠭᠦᠷᠦᠩᠭᠡᠰᠢᠭᠦᠯᠳᠡᠭ᠌ ᠭᠡᠨᠡᠮ
ᠭᠠᠯᠪᠠ ᠶᠢᠨ ᠶᠡᠭᠡ ᠳᠠᠢ᠌ᠯᠠᠯᠳᠤᠭᠠᠨ ᠢ
ᠠᠮᠸᠷᠢᠺᠠ ᠠᠩᠭ᠍ᠯᠢ ᠥᠳᠦᠭᠡᠳᠡᠭ᠌ ᠭᠡᠨᠡᠮ
8
ᠴᠢ ᠪᠢ ᠭᠡᠳ ᠢᠯᠭᠠᠭᠠᠤᠨ ᠪᠠᠢ᠌ᠳᠠᠭ ᠨᠢ
ᠬᠤᠳᠠ ᠶᠢᠨ ᠭᠢ ᠦᠦ︖
ᠪᠢ ᠴᠢ ᠭᠡᠵᠤ ᠢᠯᠭᠠᠳᠠᠭ ᠦᠭᠡᠶ ᠨᠢ
ᠭᠦᠳᠡᠭᠡ ᠶᠢᠨ ᠭᠢ ᠦᠦ︖
9
ᠣᠳᠤᠷ ᠤᠨ ᠪᠠᠯᠴᠢᠭᠡᠷ ᠲᠤ ᠬᠤᠨᠢᠳ
ᠣᠰᠤ ᠦᠭᠡᠶ ᠭᠠᠩᠳᠠᠨ᠎ᠠ
ᠬᠡᠦᠬᠡᠳ ᠤᠨ ᠨᠢᠳᠤᠨ ᠳᠤ ᠪᠢ
ᠰᠤᠶᠤᠯ ᠦᠭᠡᠶ ᠰᠤᠬᠤᠷᠠᠨ᠎ᠠ
10
ᠡᠳᠦᠷᠵᠢᠨ ᠡᠭᠦᠷᠦᠭ᠍ᠰᠡᠨ ᠠᠷᠤᠭ ᠮᠢᠨᠢ
ᠳᠤᠮᠳᠠᠭᠤᠷ ᠴᠠᠯᠭᠢᠯᠠᠨ᠎ᠠ
ᠴᠢ ᠳᠦᠭᠦᠭᠡᠷᠡᠭᠦ ᠦᠭᠡᠶ ᠳᠤ ᠬᠠᠮᠢᠶ᠎ᠠ ᠦᠭᠡᠶ
ᠪᠢ ᠴᠤ ᠠᠰᠬᠠᠨ ᠵᠡᠭᠦᠤ ᠪᠠᠷ
ᠵᠢᠭᠠᠰᠤ ᠭᠤᠬᠠᠳᠠᠵᠤ ᠴᠢᠳᠠᠬᠤ ᠦᠭᠡᠶ
11
ᠠᠭᠤᠯᠠ ᠨᠢ ᠳᠠᠯ᠎ᠠ ᠪᠠᠨ ᠥᠭᠡᠢ᠌ᠯᠡᠵᠤ
ᠳᠠᠯ᠎ᠠ ᠨᠢ ᠠᠭᠤᠯᠠ ᠪᠠᠨ ᠳᠤᠷᠠᠰᠤᠨ᠎ᠠ
ᠡᠳᠦᠷ ᠨᠢ ᠰᠦᠨᠢ ᠰᠢᠭ᠌
ᠰᠦᠨᠢ ᠨᠢ ᠡᠳᠦᠷ ᠰᠢᠭ᠌
ᠠᠮᠢᠳᠤᠷᠠᠵᠤ ᠪᠢ ᠴᠢᠳᠠᠬᠤ ᠦᠭᠡᠶ
12
ᠭᠠᠬᠠᠢ ᠵᠠᠭᠠᠨ᠎ᠠ ᠵᠤᠯᠵᠠᠭᠠᠯᠠᠳᠠᠭ ᠦᠦ︖
ᠪᠣᠳᠤᠯ ᠡᠴᠡ ᠴᠢᠳᠭᠦᠷ ᠣᠷᠭᠤᠳᠠᠭ ᠦᠦ︖
13
ᠬᠤᠯᠠ ᠭᠡᠭᠦ ᠳᠤ ᠤᠢ᠌ᠷ᠎ᠡ ᠰᠢᠭ
ᠤᠢ᠌ᠷ᠎ᠡ ᠭᠡᠭᠦ ᠳᠤ ᠬᠤᠯᠠ ᠰᠢᠭ
ᠭᠦᠮᠤᠨ ᠤ ᠡᠷᠢᠶᠡᠨ ᠳᠤᠳᠤᠷ᠎ᠠ ᠶᠢ
ᠪᠣᠷᠬᠠᠨ ᠪᠠᠭᠰᠢ ᠯᠠ ᠳᠤᠳᠤᠷᠬᠠᠢ ᠮᠠᠳᠠᠨ᠎ᠠ ᠪᠠᠢ᠌ᠬ᠎ᠠ
14
ᠴᠢᠨ᠋ᠸ᠎ᠠ ᠬᠤᠷᠳᠤᠨ ᠦᠦ︖ ᠮᠤᠷᠢ ᠬᠤᠷᠳᠤᠨ ᠦᠦ︖
ᠴᠢᠨ᠋ᠸ᠎ᠠ ᠭᠦᠴᠦᠳᠡᠢ ᠦᠦ︖ ᠮᠤᠷᠢ ᠭᠦᠴᠦᠳᠡᠢ ᠦᠦ︖
ᠶᠢᠷᠳᠢᠠᠴᠤ ᠶᠢᠨ ᠬᠠᠤᠯᠢ ᠦᠦ︖ ᠪᠠᠢ᠌ᠭᠠᠯᠢ ᠶᠢᠨ ᠵᠢᠮ᠎ᠠ ᠦᠦ︖
15
ᠰᠠᠠᠰᠠᠷ ᠲᠤ ᠭᠠᠷᠤᠭᠰᠠᠨ ᠦᠭᠡᠶ ᠪᠣᠯᠬᠤᠷ ᠪᠢ
ᠳᠠᠯ᠎ᠠ ᠪᠠᠨ ᠠᠭᠤᠳᠠᠮ ᠭᠡᠳᠡᠭ᠌
ᠣᠷᠭᠢᠯ ᠳᠤ ᠮᠠᠴᠤᠭᠰᠠᠨ ᠦᠭᠡᠶ ᠪᠠᠷ ᠴᠢ
ᠳᠤᠪᠣᠴᠠᠭ ᠶᠢᠡᠨ ᠦᠨᠳᠦᠷ ᠭᠡᠯᠡ ᠦᠦ︖
16
ᠭᠦᠳᠡᠭᠡ ᠥᠰᠦᠭ᠍ᠰᠡᠨ ᠪᠣᠯᠬᠤᠷ
ᠴᠢ ᠦᠯᠦ ᠳᠡᠨᠢᠯᠭᠦᠢ
ᠮᠤᠩᠭ᠋ᠤᠯ ᠶᠢᠡᠷ ᠶᠢᠡᠨ ᠶᠠᠷᠢᠳᠠᠭ ᠪᠣᠯᠬᠤᠷ
ᠴᠢ ᠦᠯᠦ ᠳᠦᠭᠦᠯᠭᠦᠢ
17
ᠳᠠᠷᠢᠭᠰᠠᠨ ᠳᠠᠷᠢᠶᠠᠨ ᠳᠤ
ᠰᠢᠷᠠᠭᠰᠠᠨ ᠳᠠᠭᠢᠶ᠎ᠠ ᠣᠷᠭᠤᠨ᠎ᠠ
ᠳᠡᠵᠢᠭᠡᠭ᠍ᠰᠡᠨ ᠪᠢᠷᠠᠭᠤ ᠳᠤᠷᠨᠢᠵᠤ
ᠳᠡᠷᠭᠡᠨ ᠠᠷᠠᠯ ᠪᠠᠭᠳᠠᠵᠤ ᠶᠠᠳᠠᠨ᠎ᠠ
ᠳᠡᠭᠡᠷ᠎ᠡ ᠵᠠᠭᠤᠨ ᠤ ᠨᠠᠮᠠᠭᠠᠨ ᠳᠡᠭᠡᠷ᠎ᠡ
ᠪᠢᠳᠠ ᠰᠤᠭᠳᠤᠭᠤ ᠨᠠᠢ᠌ᠭᠤᠨ᠎ᠠ
18
ᠬᠤᠳᠳᠤᠭ ᠤᠨ ᠣᠰᠤ ᠳᠠᠷᠢᠶᠠᠨ ᠵᠤᠷᠬ᠎ᠠ ᠪᠠᠷ
ᠰᠠᠨᠠᠭ᠎ᠠ ᠠᠯᠳᠠᠩᠬᠠᠨ ᠣᠷᠤᠰᠤᠨ᠎ᠠ
ᠭᠦᠮᠦᠰ ᠤᠨ ᠰᠠᠨᠠᠭ᠎ᠠ ᠳᠡᠯᠡᠭᠡᠢ ᠶᠢᠨ ᠪᠦᠮᠪᠦᠷᠴᠡᠭ᠌ ᠲᠤ
ᠪᠠᠭᠳᠠᠵᠤ ᠶᠠᠳᠠᠨ ᠦᠶᠡᠷᠯᠠᠨ᠎ᠠ
19
ᠬᠤᠶᠠᠷ ᠬᠤᠰᠢᠭᠤᠨ ᠤ ᠭᠢᠯᠢ ᠳᠡᠭᠡᠷ᠎ᠡ
ᠡᠪᠦᠭᠡᠨ ᠱᠠᠩᠰᠢ ᠰᠥᠭᠯᠥᠢᠨᠡ
ᠭᠤᠷᠪᠠᠨ ᠵᠠᠭᠤᠨ ᠢ ᠰᠤᠠᠳᠠᠯᠠᠭᠰᠠᠨ
ᠥᠩᠭᠡᠷᠡᠭ᠍ᠰᠡᠨ ᠳᠡᠦᠭᠡ ᠪᠠᠨ ᠡᠷᠭᠢᠴᠡᠭᠦᠯᠦᠨ᠎ᠡ
ᠬᠠᠵᠠᠭᠤ ᠳᠤ ᠨᠢ ᠪᠢ
ᠭᠠᠷ ᠶᠢᠡᠨ ᠳᠤᠭᠳᠣᠢ᠌ᠯᠠᠵᠤ ᠵᠡᠭᠦᠷᠮᠡᠭᠯᠡᠨ᠎ᠡ
᠁
ᠵᠤᠬᠢᠶᠠᠭᠴᠢ ᠶᠢᠨ ᠬᠠᠶᠢᠭ ᠄ ᠲᠦᠰᠢᠶᠠᠳᠤ ᠬᠤᠰᠢᠭᠤᠨ ᠤ ᠭᠦᠡᠳᠡᠯᠡᠨ ᠰᠤᠷᠭᠠᠭᠤᠯᠢ
ᠵᠤᠬᠢᠶᠠᠭᠴᠢ᠄ ᠡ᠊·ᠳᠠᠮᠤᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2646
ᠴᠠᠭ᠄ 2011 ᠤᠨ ᠤ 05 ᠰᠠᠷ᠎ᠠ ᠶᠢᠨ 04
ᠨᠠᠢ᠌ᠷᠠᠭᠤᠯᠤᠭᠴᠢ᠄ ᠪᠦᠬᠡᠡᠷᠳᠡᠨᠢ