ᠨᠡᠪᠲᠡᠷᠡᠨ ᠤᠷᠤᠬᠤ
ᠪᠣᠭᠤ ᠪᠣᠴᠠᠬᠤ ᠶᠢᠨ ᠠᠭᠤᠯᠠᠨ ᠳ᠋ᠤ

ᠡᠪᠦᠯ ᠤᠨ ᠠᠩᠬᠠᠨ ᠤ ᠴᠠᠰᠤ ᠨᠠᠮᠬᠠᠨ ᠪᠠᠭᠤᠴᠢᠬᠠᠭᠰᠠᠨ ᠭᠤᠪᠢ ᠨᠤᠳᠤᠭ ᠲᠤ ᠯᠠ ᠪᠠᠢ᠌ᠳᠠᠭ ᠴᠠᠪᠠᠷ ᠠᠭᠤᠷ ᠠᠮᠢᠰᠬᠤᠯ ᠲᠡᠶ ᠦᠷᠯᠦᠭᠡ ᠪᠣᠯᠪᠠ᠃ ᠦᠨᠢᠷᠪᠠᠳᠤ ᠡᠷᠳᠡᠯᠡᠨ ᠪᠣᠰᠪᠠ᠃ ᠳᠠᠷᠠ ᠪᠠᠷ ᠡᠪᠦᠭᠡ ᠡᠴᠡ ᠪᠠᠨ ᠨᠠᠰᠢ ᠭᠤᠷᠪᠠᠳᠤᠭᠠᠷ ᠦᠶ᠎ᠡ ᠶᠢᠨ ᠠᠭᠤᠯᠠᠨ ᠬᠠᠷᠠᠭᠤᠯ ᠤᠨ ᠡᠭᠡᠯᠵᠢᠨ ᠳᠤ ᠶᠠᠪᠣᠳᠠᠭ ᠠᠵᠤᠭᠤ᠃ ᠠᠩ ᠤᠨ ᠣᠯᠠᠷᠢᠯ ᠪᠣᠯᠬᠤ ᠪᠠᠷ ᠳᠡᠭᠦᠨ ᠤ ᠨᠣᠢ᠌ᠷ ᠬᠤᠭᠤᠯᠠ ᠬᠠᠰᠤᠭᠳᠠᠬᠤ ᠡᠷᠡᠨ ᠴᠤ ᠠᠶᠠᠠᠳᠠᠭᠠᠨ ᠭᠦᠷᠴᠤ ᠢᠷᠡᠳᠡᠭ᠌ ᠪᠠᠢ᠌ᠯ᠎ᠠ᠃ ᠦᠨᠢᠷᠪᠠᠳᠤ ᠬᠤᠷᠳᠤᠨ ᠰᠠᠷᠠᠯ ᠶᠢᠡᠨ ᠡᠮᠡᠭᠡᠯᠯᠡᠨ ᠮᠤᠷᠳᠠᠵᠤ ᠠᠯᠤᠰ ᠲᠤ ᠰᠥᠮᠪᠦᠷᠯᠡᠭᠦ ᠶᠡᠭᠡ ᠬᠠᠨ ᠢ ᠴᠢᠭ᠍ᠯᠡᠨ ᠳᠠᠪᠭᠢᠭᠤᠯᠬᠤ ᠳᠤ ᠨᠠᠢ᠌ᠳᠠᠮ ᠪᠠᠭᠤᠭᠰᠠᠨ ᠶᠡᠭᠡ ᠴᠠᠰᠤᠨ ᠳᠤ ᠵᠠᠮ ᠳᠤᠳᠤ ᠦᠭᠡᠶ᠃ ᠠᠩᠭ᠋ᠠᠯᠵᠠᠨ ᠳᠠᠪᠭᠢᠬᠤ ᠠᠭᠰᠤᠮ ᠰᠠᠷᠠᠯ ᠤᠨ ᠠᠮᠠᠨ ᠡᠴᠡ ᠴᠠᠩ ᠰᠠᠪᠰᠠᠯᠠᠵᠤ ᠰᠢᠷᠦᠭᠦᠨ ᠴᠤᠭ‍ᠭᠢᠶᠠᠨ ᠳᠤ ᠨᠣᠢ᠌ᠷ ᠪᠦᠷᠢᠨ ᠰᠡᠷᠭᠦᠵᠤ ᠭᠠᠵᠠᠷ ᠳᠡᠯᠡᠭᠡᠢ ᠳᠠᠢ᠌ᠪᠠᠨ ᠳᠠᠯ᠎ᠠ ᠣᠯᠠᠮ ᠣᠷᠳᠤᠰᠴᠤ ᠠᠭᠤᠯᠠᠰ ᠣᠯᠠᠮ ᠶᠢᠡᠷ ᠨᠠᠮᠬᠠᠷᠠᠨ᠎ᠠ᠃ ᠳᠤᠷᠤᠨ᠎ᠠ ᠵᠥᠭ᠌ ᠡᠴᠡ ᠠᠯᠭᠤᠷᠬᠠᠨ ᠮᠠᠠᠳᠤᠬᠤ ᠨᠠᠷᠠᠨ ᠴᠤᠯᠤ ᠮᠥᠩᠭᠦᠨ ᠥᠩᠭᠡ ᠪᠠᠷ ᠴᠠᠭᠢᠷᠯᠠᠭᠰᠠᠨ ᠥᠡᠴᠦᠭ᠌ ᠤᠨ ᠬᠠᠢ᠌ᠷᠬᠠᠨ ᠤ ᠣᠩᠭ᠋ᠤᠨ ᠰᠠᠷᠢᠳᠠᠭ ᠤᠨ ᠳᠡᠭᠡᠭᠦᠷ ᠪᠦᠩᠵᠢᠭᠢᠨᠡᠨ ᠣᠯᠠᠯᠵᠠᠭᠠᠤᠨ ᠡᠨᠡ ᠳᠡᠯᠡᠭᠡᠢ ᠭᠡᠵᠤ ᠮᠡᠡᠳᠦᠬᠤ ᠨᠠᠷᠠᠨ ᠴᠠᠰᠤᠳᠤ ᠭᠤᠪᠢ ᠮᠤᠷᠢᠳᠠᠨ ᠡᠷ᠎ᠡ ᠭᠤᠷᠪᠠ ᠶᠢᠨ ᠭᠢ ᠯᠠ ᠪᠣᠯᠴᠢᠬᠠᠭᠰᠠᠨ ᠭᠡᠮᠡᠷ ᠪᠠᠬᠠᠳᠤᠮ᠎ᠠ ᠰᠠᠨᠠᠭᠳᠠᠵᠤ ᠪᠠᠢ᠌ᠯ᠎ᠠ᠃

ᠮᠤᠰᠭᠢᠷᠠᠯᠳᠤᠨ ᠮᠠᠴᠤᠭᠰᠠᠨ ᠠᠭᠤᠯᠠᠨ ᠵᠠᠮ ᠶᠢᠡᠷ ᠬᠠᠳᠠᠷᠢᠭᠤᠯᠤᠨ ᠶᠡᠭᠡ ᠬᠠᠨ ᠤ ᠣᠷᠤᠢ ᠳ᠋ᠠᠭᠢ ᠳᠠᠭ᠎ᠠ ᠶᠢᠨ ᠮᠤᠷᠢ ᠣᠷᠤᠯᠳᠤᠵᠤ ᠭᠦᠷᠦᠮ᠎ᠡ ᠳᠡᠭ᠍ᠰᠢ ᠳᠠᠯᠠᠪᠣᠷ ᠲᠤ ᠭᠠᠷᠤᠭᠰᠠᠨ ᠦᠨᠢᠷᠪᠠᠳᠤ ᠮᠤᠷᠢ ᠪᠠᠨ ᠴᠤᠮᠤᠵᠤ ᠨᠤᠮᠤᠨ ᠤ ᠭᠠᠵᠠᠷ ᠡᠴᠡ ᠬᠠᠢ᠌ᠰᠤ ᠶᠢᠨ ᠭᠢᠷᠢ ᠭᠤᠷᠪᠠᠨ ᠴᠢᠯᠠᠭᠤ ᠳᠡᠭᠦᠵᠤ ᠣᠪᠣᠭᠠᠨ ᠳᠤ ᠨᠡᠮᠡᠭᠡᠳ ᠭᠡᠰᠡᠭ᠌ ᠨᠠᠮᠠᠠᠴᠢᠯᠠᠭᠰᠠᠨ ᠶᠢᠡᠨ ᠣᠪᠣᠭᠠᠨ ᠡᠩᠭᠡᠷ ᠤᠨ ᠴᠠᠰᠤ ᠶᠢ ᠰᠢᠯᠵᠢᠭᠦᠯᠡᠨ ᠴᠠᠭᠠᠮᠠᠯ ᠠᠷᠠᠰᠤᠨ ᠳᠠᠪᠠᠯ ᠤᠨ ᠶᠢᠡᠨ ᠡᠩᠭᠡᠷ ᠢ ᠨᠢ ᠵᠠᠳᠠᠭᠠᠢ᠌ᠯᠠᠨ ᠵᠠᠪᠢᠯᠠᠵᠤ ᠰᠠᠭᠤᠬᠤ ᠨᠢ ᠡᠨᠡ ᠨᠤᠳᠤᠭ ᠤᠨ ᠡᠵᠡᠨ ᠭᠦᠮᠤᠨ ᠤ ᠪᠠᠢ᠌ᠷᠢ ᠳᠤᠳᠤ ᠪᠠᠢ᠌ᠯ᠎ᠠ᠃ ᠳᠠᠷᠠ ᠰᠢᠯ ᠲᠡᠶ ᠨᠠᠷᠠᠮᠠᠯ ᠬᠠᠳᠠᠭᠠᠭᠰᠠᠨ ᠪᠣᠷᠴᠠ ᠭᠠᠷᠭᠠᠵᠤ ᠮᠤᠷᠢᠨ ᠴᠠᠭᠠᠨ ᠰᠢᠳᠤ ᠪᠠᠷ ᠶᠢᠡᠨ ᠳᠠᠰᠤᠳᠠᠨ ᠡᠮᠭᠦᠯᠡᠵᠤ ᠪᠠᠶ᠎ᠠ ᠪᠠᠨ ᠬᠠᠯᠠᠰᠬᠠᠬᠤ ᠶᠢᠨ ᠳᠠᠭᠠᠤ ᠳᠤᠷᠠᠨ ᠶᠢᠡᠨ ᠠᠪᠴᠤ ᠠᠭᠤᠯᠠ ᠳᠤᠯᠤᠭᠠᠤᠨ ᠢ ᠳᠤᠭᠤᠷᠢᠭᠤᠯᠤᠨ ᠦᠨᠦᠴᠢᠨ ᠰᠤᠵᠠᠭ ᠠᠯᠳᠠᠯ ᠦᠭᠡᠶ ᠭᠢᠨᠠᠮᠠᠭᠠᠢ ᠳᠤᠷᠠᠠᠳᠠᠪᠠ᠃ ᠡᠨᠡ ᠨᠤᠶᠠᠨ ᠣᠷᠤᠢ ᠡᠴᠡ ᠣᠷᠴᠢᠮ ᠤᠨ ᠠᠭᠤᠯᠠ ᠵᠢᠯᠠᠭ᠎ᠠ ᠪᠦᠭᠦᠨ ᠢ ᠳᠤᠳᠤ ᠬᠠᠷᠠᠵᠤ ᠳᠡᠢ᠌ᠯᠳᠡᠭ᠌ ᠪᠠᠢ᠌ᠯ᠎ᠠ᠃ ᠳᠤᠷᠠᠨ ᠤ ᠬᠠᠷᠠᠭᠠᠨ ᠳᠤ ᠣᠢ ᠭᠦᠪᠴᠢ ᠮᠥᠩᠭᠦᠨ ᠥᠩᠭᠡ ᠪᠠᠷ ᠴᠠᠢ᠌ᠯᠵᠠᠵᠤ ᠰᠠᠯᠭᠢ ᠴᠤ ᠦᠭᠡᠶ ᠪᠣᠯᠬᠤᠷ ᠣᠷᠴᠢᠨ ᠳᠤᠭᠤᠷᠢᠨ ᠨᠠᠮ ᠵᠢᠮ᠃ ᠰᠠᠯᠠᠭ᠎ᠠ ᠨᠠᠮᠠᠭ᠎ᠠ ᠪᠠᠨ ᠱᠦᠷᠭᠦᠭᠡᠯᠴᠡᠵᠤ ᠣᠷᠭᠤᠭᠰᠠᠨ ᠵᠢᠯᠠᠭ᠎ᠠ ᠶᠢᠨ ᠮᠤᠳᠤᠳ ᠮᠥᠩᠭᠦᠨ ᠬᠤᠶᠠᠭ ᠭᠡᠳᠦᠷᠡᠭ᠍ᠰᠡᠨ ᠴᠡᠷᠢᠭ᠌ ᠤᠨ ᠵᠢᠭᠰᠠᠭᠠᠯ ᠭᠡᠮᠡᠷ ᠰᠦᠷᠳᠠᠢ᠃ ᠡᠨᠡ ᠦᠶ᠎ᠡ ᠳᠤ ᠮᠤᠳᠤᠳ ᠤᠨ ᠳᠦᠷᠤᠯ ᠵᠣᠢ᠌ᠯ ᠢ ᠢᠯᠭᠠᠨ ᠳᠠᠨᠢᠬᠤ ᠳᠤ ᠪᠠᠷᠭᠡᠳᠡᠢ᠃ ᠬᠠᠶᠠ ᠪᠣᠳᠠ ᠰᠥᠭᠡᠭ᠌ ᠡᠴᠡ ᠬᠤᠰᠭᠢᠷᠠᠨ ᠨᠢᠰᠭᠦ ᠢᠳᠠᠭᠤ ᠭᠤᠷᠭᠤᠤᠯ ᠪᠠ ᠨᠠᠳᠤᠰᠭᠢᠨ ᠢᠯᠡᠷᠡᠭᠦ ᠭᠡᠭᠡᠷ᠎ᠡ ᠶᠢᠨ ᠭᠠᠬᠠᠢ ᠶᠢᠨ ᠰᠦᠷᠦᠭ᠌ ᠳᠤᠷᠠᠨ ᠤ ᠬᠠᠷᠠᠭᠠᠨ ᠳᠤ ᠳᠤᠳᠤ ᠠᠪᠠᠴᠤ ᠵᠢᠯᠠᠭ᠎ᠠ ᠶᠢᠨ ᠴᠡᠭᠡᠯ ᠳᠤ ᠲᠤᠢ᠌ᠯ ᠤᠨ ᠵᠢᠵᠢᠭ᠌ ᠬᠠᠷᠠᠭᠳᠠᠨ᠎ᠠ ᠪᠢᠯᠠ᠃ ᠨᠠᠷᠠ ᠨᠠᠯᠢᠶᠠᠤᠨ ᠳᠡᠭᠡᠷ᠎ᠡ ᠮᠠᠠᠳᠤᠭᠠᠤᠨ ᠰᠢᠵᠢᠷ ᠭᠡᠷᠡᠯ ᠨᠢ ᠴᠠᠰᠤᠨ ᠳᠤ ᠣᠢ᠌ᠭᠠᠤᠨ ᠨᠢᠳᠤ ᠬᠠᠷᠰᠢᠭᠤᠯᠤᠨ᠎ᠠ᠃ ᠦᠶ᠎ᠡ ᠶᠢᠨ ᠦᠶ᠎ᠡ ᠣᠷᠤᠩᠨᠠᠨ ᠠᠮᠢᠳᠤᠷᠠᠭᠰᠠᠨ ᠰᠦᠷᠯᠢᠭ᠌ ᠬᠠᠢ᠌ᠷᠬᠠᠨ ᠪᠠᠷᠳᠠᠭᠠᠳᠤ ᠰᠢᠭᠤᠢ ᠪᠠᠨ ᠬᠠᠷᠠᠭ᠎ᠠ ᠪᠠᠨ ᠳᠦᠭᠦᠷᠳᠡᠯ᠎ᠡ ᠠᠵᠢᠭᠯᠠᠵᠤ ᠰᠠᠭᠤᠭᠰᠠᠨ ᠦᠨᠢᠷᠪᠠᠳᠤ ᠶᠢᠨ ᠳᠤᠳᠤᠷ᠎ᠠ ᠡᠵᠡᠨ ᠭᠦᠮᠤᠨ ᠤ ᠪᠠᠶᠠᠷ ᠪᠠᠬᠠᠳᠤᠯ ᠡᠷᠭᠡ ᠦᠭᠡᠶ ᠳᠦᠷᠦᠭ᠍ᠳᠡᠵᠤ ᠡᠨᠡ ᠰᠠᠢ᠌ᠬᠠᠨ ᠨᠤᠳᠤᠭ ᠤᠨ ᠶᠢᠡᠨ ᠡᠵᠡᠨ ᠨᠢ ᠪᠣᠯᠵᠤ ᠶᠠᠪᠣᠭ᠎ᠠ ᠁ ᠭᠡᠵᠤ ᠳᠠᠭᠤᠯᠠᠪᠠ᠃ ᠳᠠᠷᠠ ᠬᠠᠷᠠᠭ᠎ᠠ ᠪᠠᠨ ᠰᠢᠯᠵᠢᠭᠦᠯᠵᠤ ᠠᠰ ᠪᠠᠷᠠᠭᠤᠨ ᠵᠥᠭ᠌ ᠲᠤ ᠴᠠᠷᠠᠰᠤ ᠬᠤᠰᠤ ᠢᠭᠴᠤᠷᠠᠭᠰᠠᠨ ᠰᠤᠵᠠᠭ ᠢ ᠳᠤᠷᠠᠠᠳᠠᠪᠠ᠃ ᠡᠨᠡ ᠰᠤᠵᠠᠭ ᠢ ᠰᠤᠭᠤᠳᠤ ᠶᠢᠨ ᠵᠢᠯᠠᠭ᠎ᠠ ᠭᠡᠳᠡᠭ᠌᠃ ᠦᠪᠡᠷ ᠤᠨ ᠭᠢᠨ ᠠᠩᠴᠢᠨ ᠣᠳᠤᠮ ᠡᠴᠡ ᠪᠠᠨ ᠠᠭᠤᠯᠠᠨ ᠬᠠᠷᠠᠭᠤᠯ ᠪᠣᠯᠤᠭᠰᠠᠨ ᠨᠢ ᠮᠦᠨ ᠵᠢᠯᠠᠭ᠎ᠠ ᠲᠡᠶ ᠬᠤᠯᠪᠣᠭ᠎ᠠ ᠲᠡᠶ ᠪᠢᠯᠠ᠃ ᠦᠨᠢᠷᠪᠠᠳᠤ ᠶᠢᠨ ᠭᠢᠨ ᠣᠷᠴᠤᠨ ᠦᠨᠳᠦᠰᠦᠳᠠᠨ᠂ ᠡᠪᠦᠭᠡ ᠶᠤᠠᠳᠤᠨ ᠤ ᠦᠶ᠎ᠡ ᠳᠤ ᠪᠠᠭ᠎ᠠ ᠭᠢᠩᠭ᠋ᠠᠨ ᠳᠠᠪᠠᠭᠠᠨ ᠤ ᠪᠠᠷᠳᠠᠭ᠎ᠠ ᠳᠠᠮᠵᠢᠨ ᠠᠪᠠᠯᠠᠨ ᠨᠡᠭᠦᠳᠡᠯᠯᠡᠭ᠍ᠰᠡᠭᠡᠷ ᠡᠨᠡ ᠭᠠᠵᠠᠷ ᠤᠨ ᠠᠭᠤᠯᠠ ᠣᠰᠤᠨ ᠤ ᠰᠠᠢ᠌ᠬᠠᠨ ᠠᠩ ᠭᠦᠷᠦᠭᠡᠰᠤᠨ ᠤ ᠡᠯᠪᠠᠭ᠌ ᠲᠤ ᠳᠠᠳᠠᠭᠳᠠᠵᠤ ᠰᠠᠭᠤᠷᠢᠰᠢᠯ᠎ᠠ ᠭᠡᠳᠡᠭ᠌᠃ ᠳᠠᠷᠠ ᠦᠶ᠎ᠡ ᠶᠢᠨ ᠰᠤᠭᠤᠳᠤ ᠶᠢᠨ ᠵᠢᠯᠠᠭ᠎ᠠ ᠭᠡᠵᠤ ᠴᠠᠪᠴᠢᠮ᠎ᠠ ᠦᠨᠳᠦᠷ ᠱᠤᠩᠬᠤᠷ ᠬᠠᠳᠠᠨ ᠡᠴᠡ ᠳᠤᠷᠤᠭᠰᠢ ᠦᠷᠭᠦᠯᠵᠢᠯᠡᠨ ᠵᠢᠯ ᠤᠨ ᠳᠦᠷᠪᠠᠨ ᠣᠯᠠᠷᠢᠯ ᠳᠤ ᠠᠮᠢᠳᠤ ᠪᠣᠯᠠᠭ ᠣᠷᠭᠢᠯᠤᠨ ᠴᠤᠬᠠᠭ ᠣᠷᠭᠤᠮᠠᠯ ᠶᠠᠭᠰᠢᠷᠠᠵᠤ ᠡᠷᠳᠡᠯᠡᠨ ᠮᠤᠷᠳᠠᠭᠰᠠᠨ ᠠᠩᠴᠢᠨ ᠭᠦᠮᠤᠨ ᠳᠤ ᠳᠠᠢ᠌ᠪᠣᠭᠤᠬᠠᠨ ᠭᠡᠪᠳᠡᠭᠡ ᠪᠣᠭᠤ ᠶᠢᠨ ᠰᠦᠷᠦᠭ᠌ ᠳᠠᠩᠳᠠ ᠪᠠᠨ ᠳᠠᠭᠠᠷᠠᠴᠢᠬᠠᠳᠠᠭ ᠥᠶ‍ᠦᠭ᠌ ᠳᠠᠷᠬᠠᠨ ᠭᠠᠵᠠᠷ ᠪᠠᠢ᠌ᠭᠰᠠᠨ ᠡᠴᠡ ᠢᠩᠭᠢᠵᠤ ᠨᠠᠷᠠᠯᠠᠵᠠᠢ᠃ ᠭᠡᠳᠡᠯ᠎ᠡ ᠣᠳᠤ ᠡ᠊ᠨᠳᠡ ᠪᠣᠭᠤ ᠶᠢᠨ ᠪᠠᠷ᠎ᠠ ᠬᠠᠷᠠᠨ᠎ᠠ ᠭᠡᠵᠤ ᠡᠳᠦᠷ ᠶᠢᠡᠷ ᠰᠠᠷᠠ ᠬᠠᠷᠠᠬᠤ ᠶᠠᠪᠣᠳᠠᠯ ᠪᠣᠯᠤᠭᠰᠠᠨ ᠪᠠᠢ᠌ᠯ᠎ᠠ᠃

ᠠᠷᠰᠯᠠᠨ ᠪᠠᠷᠰ ᠬᠤᠶᠠᠷ ᠬᠤᠷᠭᠤᠳᠠᠨ᠎ᠠ ᠭᠡᠳᠡᠭ᠌ ᠴᠢᠨᠢ ᠠᠭᠯᠠᠭ ᠠᠭᠤᠯᠠᠨ ᠤ ᠪᠠᠨ ᠹᠸᠩᠱᠦᠢ ᠳᠡᠭᠡᠨ ᠪᠠ ᠡᠨ ᠬᠨ ᠭᠦᠢ ᠁ ᠭᠡᠮᠡᠨ ᠨᠠᠮ ᠭᠢᠩᠰᠢᠭ᠍ᠰᠡᠨ ᠦᠨᠢᠷᠪᠠᠳᠤ ᠶᠢᠨ ᠪᠠᠬᠠᠳᠤᠨ ᠭᠦᠭ᠍ᠰᠡᠭ᠍ᠰᠡᠨ ᠰᠡᠳᠭᠢᠯ ᠨᠢ ᠶᠠᠮᠠᠷ ᠨᠢᠭᠡᠨ ᠬᠠᠷᠠᠮᠰᠠᠯ ᠶᠢᠡᠷ ᠰᠤᠯᠢᠭᠳᠠᠪᠠ᠃ ᠳᠡᠭᠦᠨ ᠤ ᠣᠢ ᠰᠠᠷᠠᠯ ᠨᠢ ᠳᠡᠷᠳᠡᠭᠡ ᠳᠦᠴᠢᠨ ᠵᠢᠯ ᠤᠨ ᠡᠮᠦᠨ᠎ᠡ ᠣᠴᠢᠴᠢᠬᠠᠭᠰᠠᠨ ᠪᠠᠢ᠌ᠪᠠ᠃ ᠳᠤᠬᠠᠢ ᠶᠢᠨ ᠦᠶ᠎ᠡ ᠳᠤ ᠳᠠᠷᠠ ᠳᠦᠩᠭᠡᠵᠢ ᠠᠶᠠᠭᠠᠨ ᠢᠷᠤᠭᠠᠷ ᠳᠤᠯᠢᠶᠠᠬᠤ ᠴᠢᠳᠠᠯ ᠲᠡᠶ ᠬᠡᠦᠭᠡᠳ ᠪᠠᠢ᠌ᠭᠰᠠᠨ ᠶᠤᠮ᠃

ᠡᠪᠦᠯ ᠤᠨ ᠡᠭᠢᠨ ᠤ ᠨᠢᠭᠡ ᠡᠳᠦᠷ ᠤᠨ ᠨᠠᠷᠠ ᠳᠠᠰᠢᠬᠤ ᠶᠢᠨ ᠠᠯᠳᠠ ᠪᠠᠷ ᠶᠤᠠᠳᠤᠨ ᠢ ᠰᠤᠪᠠᠢ ᠰᠤᠭᠤ ᠣᠨᠠᠭᠠᠴᠢᠬᠠᠭᠠᠤᠨ ᠢᠷᠡᠭᠦ ᠳᠤ ᠣᠶᠠᠭᠠᠨ ᠳᠡᠭᠡᠷ᠎ᠡ ᠨᠢ ᠡᠪᠦᠭᠡᠵᠢᠶᠡᠷᠢ ᠨᠠᠰᠤᠨ ᠤ ᠳᠡᠮᠡᠭᠡ ᠣᠨᠤᠭᠰᠠᠨ ᠭᠦᠮᠤᠨ ᠪᠠᠭᠤᠵᠤ ᠪᠠᠢ᠌ᠯ᠎ᠠ᠃ ᠦᠪᠡᠷ ᠢ ᠪᠠᠨ ᠭᠤᠷᠯᠤᠰ ᠡᠴᠡ ᠦᠵᠦᠮᠤᠴᠢᠨ ᠳᠤ ᠳᠠᠨᠢᠯ ᠶᠢᠡᠨ ᠡᠷᠭᠢᠭᠦ ᠪᠠᠷ ᠶᠠᠪᠣᠵᠤ ᠪᠣᠢ ᠭᠡᠵᠤ ᠬᠤᠯᠢᠮᠠᠭ ᠭᠡᠯᠡ ᠪᠠᠷ ᠴᠤᠯᠴᠠᠷᠠᠨ ᠪᠦᠭᠦᠩ ᠴᠥᠭᠦᠩ ᠠᠭᠠᠰᠢᠯᠠᠨ ᠳᠠᠳᠠᠨᠠᠢ᠌ᠭᠢᠨ ᠳᠤ ᠭᠡᠳᠤᠨ ᠬᠤᠨᠤᠭ ᠣᠨᠤᠭ᠎ᠠ ᠪᠠᠨ ᠠᠮᠠᠷᠠᠭᠤᠯᠬᠤ ᠰᠠᠨᠠᠭ᠎ᠠ ᠪᠠᠨ ᠴᠤᠬᠣᠢ᠌ᠯᠭᠠᠬᠤ ᠪᠠᠷ ᠨᠢ ᠭᠠᠳᠠᠭᠰᠢ ᠶᠠᠪᠣᠭᠰᠠᠨ ᠭᠦᠮᠤᠨ ᠭᠡᠷ ᠶᠢᠡᠨ ᠡᠭᠦᠷᠦᠨ᠎ᠡ ᠦᠦ ᠳ᠋ᠠ ᠶᠠᠮᠠᠷ ᠭᠡᠮᠡᠨ ᠭᠦᠳᠡᠭᠡ ᠭᠦᠮᠤᠨ ᠤ ᠴᠠᠢ᠌ᠯᠭᠠᠨ ᠵᠠᠩ ᠶᠢᠡᠷ ᠶᠢᠡᠨ ᠬᠠᠯᠠᠭᠤᠨ ᠶᠢᠡᠷ ᠵᠤᠴᠢᠯᠠᠵᠤ ᠪᠢᠯᠠ᠃ ᠳᠡᠮᠡᠭᠡ ᠲᠡᠶ ᠭᠦᠮᠤᠨ ᠶᠤᠠᠳᠤᠨ ᠤ ᠭᠢᠨ ᠢ ᠣᠠᠳᠠᠭ᠎ᠠ ᠪᠠᠢ᠌ᠬᠤ ᠳᠤ ᠨᠢ ᠰᠠᠮ ᠶᠠᠪᠣᠭᠰᠠᠨ ᠤ ᠮᠠᠷᠭᠠᠰᠢ ᠡᠷᠳᠡ ᠨᠢ ᠠᠪᠠᠯᠠᠬᠤ ᠪᠠᠷ ᠭᠠᠷᠤᠭᠰᠠᠨ ᠶᠤᠠᠳᠤᠨ ᠴᠤᠬᠤᠮ ᠥᠵᠡᠭᠡᠳᠦᠢ ᠪᠠᠨ ᠥᠵᠡᠭ᠍ᠰᠡᠨ ᠪᠠᠢ᠌ᠪᠠ᠃ ᠰᠤᠭᠤᠳᠤ ᠶᠢᠨ ᠵᠢᠯᠠᠭ᠎ᠠ ᠡᠴᠡ ᠱᠩᠬᠤᠷ ᠬᠠᠳᠠᠨ ᠤ ᠭᠢᠷ᠎ᠠ ᠥᠭ᠍ᠰᠦᠵᠤ ᠳᠤᠭᠠᠯᠠᠰᠢ ᠦᠭᠡᠶ ᠣᠯᠠᠨ ᠪᠣᠭᠤ ᠡᠮᠭᠢ ᠵᠠᠮᠪᠠᠷᠠᠭ᠎ᠠ ᠲᠡᠶ ᠰᠦᠷᠦᠭᠯᠡᠨ ᠨᠡᠭᠦᠳᠡᠯᠯᠡᠵᠤ ᠳᠡᠭᠦᠨ ᠡᠴᠡ ᠣᠭᠳᠤ ᠦᠷᠭᠦᠨ ᠨᠠᠳᠬᠤᠬᠤ ᠦᠭᠡᠶ ᠪᠦᠭᠡᠳ ᠪᠠᠢ᠌ᠨ ᠳᠠᠭᠢᠨ ᠭᠦᠮᠤᠨ ᠤ ᠵᠢᠷᠦᠭᠡ ᠶᠢ ᠴᠡᠴᠡᠷᠡᠭᠦᠯᠦᠮ᠎ᠡ ᠭᠠᠰᠢᠭᠤᠳᠠᠯᠳᠠᠢ ᠣᠷᠤᠮᠳᠠᠵᠤ ᠪᠠᠢ᠌ᠯ᠎ᠠ᠃ ᠳᠦᠷᠦᠭ᠍ᠰᠡᠨ ᠡᠴᠡ ᠪᠠᠨ ᠠᠪᠣᠭᠠᠤᠨ ᠡᠴᠢᠨᠡᠨ ᠣᠯᠠᠨ ᠪᠣᠭᠤ ᠰᠦᠷ ᠵᠢᠪᠬᠤᠭᠠᠳᠠᠢ ᠨᠡᠭᠦᠳᠡᠯᠯᠡᠭᠦ ᠶᠢ ᠠᠩᠬ᠎ᠠ ᠬᠠᠷᠠᠭᠰᠠᠨ ᠶᠤᠠᠳᠤᠨ ᠰᠤᠴᠢᠨ ᠪᠠᠯᠠᠭᠳᠠᠵᠤ ᠫᠣᠤ ᠶᠢᠨ ᠵᠠᠮᠤᠭ ᠭᠦᠳᠡᠯᠭᠡᠵᠤ ᠴᠢᠳᠠᠭᠰᠠᠨ ᠦᠭᠡᠶ ᠠᠯᠮᠠᠢ᠌ᠷᠠᠭᠠᠤᠨ ᠪᠣᠴᠠᠭᠰᠠᠨ ᠪᠠᠢ᠌ᠪᠠᠢ᠃ ᠭᠡᠵᠢᠶ᠎ᠡ ᠬᠣᠢ᠌ᠨ᠎ᠠ ᠨᠢ ᠦᠨᠦᠭᠢ ᠳᠡᠮᠡᠭᠡ ᠲᠡᠶ ᠭᠦᠮᠤᠨ ᠪᠣᠯ ᠰᠢᠷᠠᠭᠰᠠᠨ ᠮᠢᠬ᠎ᠠ ᠡ᠊ᠨᠳᠡᠳᠡᠭ᠌ ᠦᠭᠡᠶ ᠰᠢᠷ᠎ᠠ ᠵᠢᠷᠤᠬᠠᠢ᠌ᠴᠢ ᠪᠠᠢ᠌ᠵᠤ ᠰᠤᠭᠤᠳᠤ ᠶᠢᠨ ᠵᠢᠯᠠᠭ᠎ᠠ ᠶᠢᠨ ᠡᠭᠢᠨ ᠤ ᠠᠯᠳᠠ ᠮᠥᠩᠭᠦᠨ ᠪᠣᠭᠤ ᠶᠢᠨ ᠱᠤᠭᠤᠮᠠᠯ ᠢ ᠲᠦᠯᠭᠡᠳᠡᠵᠤ ᠮᠡᠳᠡᠭᠡᠳ ᠵᠠᠮ ᠤᠨ ᠭᠦᠮᠤᠨ ᠶᠢᠡᠷ ᠣᠪᠯᠠᠵᠤ ᠦᠨᠦᠭᠢ ᠱᠤᠭᠤᠮᠠᠯ ᠤᠳ ᠢ ᠮᠠᠯᠳᠠᠵᠤ ᠠᠪᠣᠭᠠᠤᠨ ᠵᠢᠯᠢᠭ᠍ᠰᠡᠨ ᠢ ᠮᠠᠳᠠᠪᠠ᠃ ᠳᠡᠮᠡᠭᠡ ᠲᠡᠶ ᠭᠦᠮᠤᠨ ᠦᠪᠡᠷ ᠡᠴᠡ ᠨᠢ ᠭᠦᠷᠵᠡ ᠵᠡᠭᠡᠳᠦᠤ ᠵᠢᠭᠡᠯᠡᠭᠦ ᠪᠠᠷ ᠨᠢ ᠣᠬᠤᠴᠢᠯᠠᠪᠠᠯ ᠦᠵᠦᠮᠤᠴᠢᠨ ᠳᠠᠨᠢᠯ ᠨᠢ ᠬᠠᠭᠤᠴᠢᠨ ᠠᠷᠬᠠᠭ ᠲᠡᠶ ᠣᠴᠢᠷ ᠡᠴᠡ ᠵᠢᠭᠠᠬᠠᠨ ᠡᠮ ᠤᠨ ᠦᠨᠳᠦᠰᠦ ᠣᠬᠤᠵᠤ ᠦᠭ‍ᠭᠦ ᠭᠡᠵᠤ ᠶᠠᠷᠢᠵᠤ ᠪᠠᠢ᠌ᠭᠰᠠᠨ ᠶᠤᠮ᠃ ᠵᠠᠮ ᠤᠨ ᠭᠦᠮᠤᠨ ᠢ ᠵᠠᠢ ᠦᠭᠡᠶ ᠢᠳᠡᠭᠡᠵᠤ ᠨᠤᠳᠤᠭ ᠣᠰᠤᠨ ᠤ ᠪᠠᠨ ᠹᠸᠩᠱᠦᠢ ᠶᠢ ᠬᠤᠯᠠᠭᠠᠢ᠌ᠯᠠᠭᠳᠠᠭᠰᠠᠨ ᠶᠤᠠᠳᠤᠨ ᠬᠠᠷᠠᠮᠰᠠᠭᠰᠠᠨ ᠴᠤ ᠣᠷᠣᠢ᠌ᠳᠠᠵᠠᠢ᠃ ᠳᠡᠭᠦᠨ ᠡᠴᠡ ᠠᠪᠣᠭᠠᠤᠨ ᠰᠤᠭᠤᠳᠤ ᠶᠢᠨ ᠵᠢᠯᠠᠭ᠎ᠠ ᠳᠤ ᠬᠠᠶᠠ ᠨᠢᠭᠡ ᠭᠡᠳᠤᠨ ᠶᠠᠪᠣᠭᠤᠯ ᠪᠣᠭᠤ ᠬᠠᠷᠠᠭᠳᠠᠬᠤ ᠡᠴᠡ ᠪᠢᠰᠢ ᠥᠩᠭᠡᠷᠡᠭ᠍ᠰᠡᠨ ᠤ ᠰᠢᠭ᠌ ᠰᠦᠷᠦᠭᠯᠡᠨ ᠣᠷᠤᠩᠨᠠᠬᠤ ᠪᠠᠨ ᠪᠣᠯᠢᠯ᠎ᠠ ᠭᠡᠳᠡᠭ᠌᠃

ᠠᠭᠤᠯᠠᠨ ᠣᠷᠤᠢ ᠶᠢᠨ ᠵᠢᠭᠡᠭᠦᠨ ᠰᠠᠯᠭᠢᠨ ᠳᠤ ᠳᠠᠭᠵᠢᠵᠤ ᠪᠣᠳᠤᠯ ᠡᠴᠡ ᠪᠠᠨ ᠰᠡᠷᠭᠦᠭ᠍ᠰᠡᠨ ᠦᠨᠢᠷᠪᠠᠳᠤ ᠡᠪᠦᠷ ᠶᠢᠡᠨ ᠠᠭᠤᠳᠠᠯᠤᠨ ᠰᠢᠯ ᠲᠡᠶ ᠠᠷᠢᠭᠢ ᠭᠠᠷᠭᠠᠨ ᠰᠢᠮᠡᠭᠦ ᠶᠢᠨ ᠳᠠᠭᠠᠤ ᠠᠭᠤᠯᠠᠨ ᠠᠮᠠ ᠣᠷᠤᠭᠤ ᠰᠠᠷᠠᠮᠵᠢᠳᠠᠢ ᠨᠢᠳᠤ ᠬᠠᠶᠠᠵᠤ ᠰᠠᠭᠤᠪᠠ᠃ ᠡᠮᠦᠨ᠎ᠡ ᠭᠡᠳᠤᠨ ᠡᠳᠦᠷ ᠨᠢᠭᠡ ᠴᠠᠭᠠᠨ ᠮᠠᠰᠢᠨ ᠡᠨᠡᠭᠦᠷ ᠡᠷᠭᠢᠴᠡᠭᠦ ᠨᠢ ᠬᠠᠷᠠᠭᠳᠠᠭᠰᠠᠨ ᠶᠤᠮ᠃ ᠬᠠᠳᠠ ᠴᠢᠯᠠᠭᠤᠨ ᠤ ᠬᠠᠷᠰᠢᠯᠳᠤᠬᠤ ᠲ᠋ᠠᠭᠤᠨ ᠶᠢᠡᠷ ᠳᠤᠷᠠᠨ ᠶᠢᠡᠨ ᠰᠢᠭᠦᠷᠴᠤ ᠵᠥᠭ᠌ ᠠᠪᠤᠨ ᠱᠠᠭᠠᠢ᠌ᠭᠰᠠᠨ ᠦᠨᠢᠷᠪᠠᠳᠤ ᠬᠠᠭᠠᠰ ᠵᠠᠯᠭᠢᠭᠰᠠᠨ ᠠᠷᠢᠭᠢᠨ ᠳᠤ ᠪᠠᠨ ᠬᠠᠬᠠᠵᠤ ᠭᠤᠰ ᠦᠰᠦᠷᠤᠨ ᠪᠣᠰᠪᠠ᠃ ᠰᠤᠭᠤᠳᠤ ᠶᠢᠨ ᠵᠢᠯᠠᠭ᠎ᠠ ᠶᠢᠨ ᠪᠠᠷᠠᠭᠤᠨ ᠭᠢᠷ᠎ᠠ ᠳᠠᠮᠵᠢᠨ ᠠᠷᠪᠠᠭᠠᠷ ᠰᠠᠯᠠᠭ᠎ᠠ ᠡᠪᠠᠷ ᠶᠢᠡᠷ ᠶᠢᠡᠨ ᠯᠠ ᠴᠠᠰᠤᠨ ᠶ‍ᠢᠷᠳᠢᠠᠴᠤ ᠡᠴᠡ ᠢᠯᠭᠠᠷᠠᠬᠤ ᠦᠯ ᠴᠠᠭᠠᠨ ᠪᠣᠭᠤ ᠪᠠᠷ ᠳᠦᠷᠦᠭᠦᠯᠡᠭᠦᠯᠦᠭ᠍ᠰᠡᠨ ᠰᠦᠷᠦᠭ᠌ ᠪᠣᠭᠤ ᠰᠢᠭᠤᠢ ᠣᠷᠤᠭᠤᠳᠠᠵᠤ ᠠᠪᠠᠢ᠃ ᠡᠭᠦᠯᠡ ᠮᠠᠳᠤ ᠵᠡᠷᠭᠡᠯᠭᠡᠨ ᠮᠠᠳᠤ ᠭᠦᠩᠭᠡᠨ ᠨᠡᠭᠦᠭᠦ ᠦᠯ ᠴᠠᠭᠠᠨ ᠪᠣᠭᠤ ᠳᠠᠭᠢᠨᠢ ᠶᠢᠨ ᠭᠦᠳᠡᠯᠦᠯ ᠮᠠᠳᠤ ᠭᠤᠶᠤᠮᠰᠤᠭ ᠠᠭᠠᠤᠨ ᠡᠪᠠᠷ ᠳᠠᠮᠪᠠᠯᠵᠠᠭᠤᠯᠤᠨ ᠡᠰᠢ ᠳᠠᠰᠢ ᠰᠠᠷᠠᠮᠵᠢᠯᠠᠨ ᠰᠢᠷᠳᠡᠭᠦ ᠠᠨᠤ ᠬᠤᠰᠢᠭᠤᠴᠢ ᠵᠠᠩᠵᠤᠨ ᠤ ᠮᠠᠳᠤ ᠰᠦᠷᠳᠠᠢ ᠪᠦᠯᠦᠭᠡ᠃ ᠳᠡᠷᠡᠭᠡᠨ ᠵᠠᠭᠤᠷ᠎ᠠ ᠦᠨᠢᠷᠪᠠᠳᠤ ᠶᠢᠨ ᠵᠢᠷᠦᠭᠡ ᠨᠢ ᠴᠠᠴᠠᠷᠠᠵᠤ ᠣᠢ ᠰᠠᠷᠠᠯ ᠨᠢ ᠡᠭᠡᠳᠡᠷᠡᠨ ᠳᠠᠯᠢ᠌ᠭᠴᠢ ᠪᠣᠯᠤᠭᠰᠠᠨ ᠡᠪᠦᠭᠡ ᠶᠢᠨ ᠭᠢᠨᠢ ᠦᠰᠦ ᠰᠠᠬᠠᠯ ᠳ᠋ᠤᠨᠢ ᠮᠥᠩᠭᠦᠨ ᠭᠢᠷᠠᠭᠤ ᠪᠠᠭᠤᠭᠰᠠᠨ ᠳᠦᠷᠢ ᠦᠨᠦᠭᠢ ᠪᠣᠭᠤ ᠲᠡᠶ ᠨᠠᠭᠠᠨ᠎ᠠ ᠴᠠᠭᠠᠨ᠎ᠠ ᠶᠢᠨ ᠵᠠᠢ ᠠᠪᠣᠯᠴᠠᠭᠠᠤᠨ ᠢᠷᠠᠪᠠ᠁ ᠥᠭᠡᠷ ᠴᠢᠯᠠᠭᠤᠨ ᠤ ᠠᠷᠤ ᠪᠠᠶ᠎ᠠ ᠳᠠᠯᠳᠠᠯᠠᠭᠰᠠᠨ ᠮᠥᠩᠭᠦᠨ ᠰᠠᠬᠠᠯᠳᠤ ᠭᠦᠳᠡᠷ ᠪᠦᠳᠦᠭᠦᠨ ᠡᠪᠦᠭᠡᠨ ᠨᠢᠭᠡ ᠡᠪᠦᠳᠦᠭ᠌ ᠶᠢᠡᠨ ᠪᠣᠰᠬᠠᠵᠤ ᠴᠤᠮᠴᠣᠢ᠌ᠨ ᠰᠠᠭᠤᠭᠠᠤᠨ ᠦᠨᠢᠷᠪᠠᠳᠤ ᠶᠢᠨ ᠡᠴᠢᠭᠡ ᠳᠤ ᠬᠤᠮᠢᠭᠳᠠᠨ ᠢᠷᠡᠭᠦ ᠪᠣᠭᠤ ᠶᠢᠨ ᠰᠦᠷᠦᠭ᠌ ᠢ ᠬᠠᠷᠠᠭᠠᠨ ᠳᠤ ᠪᠠᠨ ᠠᠪᠴᠤ ᠪᠠᠢ᠌ᠨ᠎ᠠ᠃ ᠡᠨᠡ ᠭᠦᠮᠤᠨ ᠪᠣᠯ ᠶᠤᠠᠳᠤᠨ ᠪᠠᠢ᠌ᠯ᠎ᠠ᠃ ᠶᠤᠠᠳᠤᠨ ᠭᠡᠭ᠍ᠴᠢ ᠠᠩᠴᠢᠨ ᠶᠠᠰᠤᠳᠠᠨ ᠤ ᠪᠠᠨ ᠨᠠᠷ᠎ᠠ ᠨᠢᠭᠤᠷ ᠢ ᠭᠤᠳᠤᠭᠠᠯ ᠦᠭᠡᠶ ᠮᠡᠷᠭᠡᠨ ᠫᠣᠤᠴᠢ ᠶᠠᠪᠣᠭᠰᠠᠨ ᠭᠦᠮᠤᠨ᠃ ᠡᠨᠡ ᠠᠭᠤᠯᠠᠰ ᠤᠨ ᠠᠯᠢ ᠰᠤᠭᠤ ᠠᠯᠢ ᠡᠩᠭᠡᠷ ᠲᠤ ᠨᠢ ᠭᠡᠳᠦᠢ ᠠᠩ ᠣᠨᠠᠭᠠᠵᠤ ᠢᠷᠡᠭ᠍ᠰᠡᠨ ᠶᠢᠡᠨ ᠦᠪᠡᠷ ᠶᠢᠡᠨ ᠴᠤ ᠳᠤᠳᠤ ᠮᠡᠳᠡᠳᠡᠭ᠌ ᠦᠭᠡᠶ᠂ ᠨᠠᠰᠤ ᠠᠭᠢᠬᠤ ᠶᠢ ᠳᠠᠭᠠᠯᠳᠤᠨ ᠨᠢᠳᠤ ᠨᠢ ᠬᠠᠶᠠ ᠪᠦᠷᠳᠦᠯᠵᠡᠭᠦ ᠪᠣᠯᠤᠭᠰᠠᠨ ᠠᠪᠠᠴᠤ ᠬᠠᠷᠠᠭᠠᠨ ᠳᠤ ᠣᠷᠤᠭᠰᠠᠨ ᠠᠩ ᠶᠢᠡᠨ ᠳᠠᠮ ᠶᠢᠡᠷ ᠶᠢᠡᠨ ᠨᠢᠭᠡ ᠯᠠ ᠰᠤᠮᠤᠨ ᠳᠤ ᠣᠨᠠᠭᠠᠬᠤ ᠳᠤ ᠪᠠᠷᠳᠠᠮ ᠪᠠᠢ᠌ᠯ᠎ᠠ᠃ ᠳᠡᠮᠡᠭᠡ ᠲᠡᠶ ᠵᠢᠷᠤᠬᠠᠢ᠌ᠴᠢ ᠰᠤᠭᠤᠳᠤ ᠶᠢᠨ ᠵᠢᠯᠠᠭ᠎ᠠ ᠶᠢᠨ ᠹᠸᠩᠱᠦᠢ ᠶᠢ ᠬᠤᠯᠠᠭᠠᠢ᠌ᠯᠠᠨ ᠪᠣᠭᠤ ᠶᠢᠨ ᠰᠦᠷᠦᠭ᠌ ᠵᠠᠢ᠌ᠯᠠᠭᠰᠠᠨ ᠡᠴᠡ ᠨᠠᠰᠢ ᠰᠦᠷᠦᠭ᠌ ᠠᠩ ᠲᠡᠶ ᠰᠠ‍‌ᠶᠢ ᠳᠠᠭᠠᠷᠠᠵᠤ ᠠᠩ ᠤᠨ ᠪᠠᠬ᠎ᠠ ᠪᠠᠨ ᠭᠠᠷᠭᠠᠬᠤ ᠵᠠᠪᠰᠢᠶᠠᠨ ᠣᠯᠤᠭᠰᠠᠨ ᠡᠪᠦᠭᠡᠨ ᠤ ᠳᠤᠳᠤᠷ᠎ᠠ ᠶᠠᠷᠤ ᠪᠣᠰᠤ ᠪᠠᠷ ᠳᠤᠭᠳᠤᠯᠵᠤ ᠪᠠᠢ᠌ᠯ᠎ᠠ᠃ ᠪᠣᠭᠤ ᠶᠢᠨ ᠰᠦᠷᠦᠭ᠌ ᠬᠠᠷᠠᠭᠠᠨ ᠳᠤ ᠨᠢ ᠳᠤᠳᠤᠷᠠᠵᠤ ᠢᠷᠠᠪᠠ᠃ ᠠᠪᠠ ᠶᠢᠨ ᠶᠤᠰᠤᠭᠠᠷ ᠪᠣᠯ ᠳᠦᠷᠦᠭᠦᠴᠢ ᠪᠣᠭᠤ ᠶᠢ ᠥᠩᠭᠡᠷᠡᠭᠦᠯᠤᠨ ᠪᠠᠢ᠌ᠵᠤ ᠫᠣᠤᠳᠠᠳᠠᠭ ᠶᠤᠮ᠃ ᠭᠡᠪᠠᠴᠤ ᠯᠠᠪᠳᠠᠭᠤᠨ ᠲ᠋ᠤᠯᠵᠤ ᠠᠳᠬᠤᠭᠰᠠᠨ ᠫᠣᠤ ᠶᠢᠨ ᠬᠠᠷᠠᠭᠠᠨ ᠳᠤ ᠲ᠋ᠤᠬᠤᠮ ᠤᠨ ᠭᠦᠯᠦᠰᠤ ᠲᠡᠶ ᠦᠯ ᠴᠠᠭᠠᠨ ᠪᠣᠭᠤ ᠰᠦᠷᠦᠭ᠌ ᠤᠨ ᠳᠦᠷᠦᠭᠦᠴᠢ ᠳᠤ ᠢᠯᠡᠷᠡᠭᠦ ᠊ᠭ᠍ᠱᠡᠨ᠎ᠡ ᠡᠪᠦᠭᠡᠨ ᠤ ᠵᠢᠷᠦᠭᠡ ᠨᠢ ᠳᠤᠯᠭᠢᠰᠴᠤ ᠭᠠᠷ ᠨᠢ ᠰᠠᠯᠭᠠᠨᠠᠪᠠ᠃ ᠠᠭᠤᠯᠠᠨ ᠡᠵᠡᠨ ᠤ ᠭᠦᠯᠦᠭᠯᠡᠳᠡᠭ᠌ ᠣᠨᠤᠭ᠎ᠠ ᠰᠦᠷᠦᠭ᠌ ᠤᠨ ᠳᠦᠷᠦᠭᠦᠴᠢ ᠳᠤ ᠳᠤᠬᠤᠮ ᠤᠨ ᠭᠦᠯᠦᠰᠤ ᠲᠡᠶ ᠶᠠᠪᠣᠳᠠᠭ ᠭᠡᠵᠤ ᠬᠠᠭᠤᠴᠢ ᠶᠠᠷᠢᠶ᠎ᠠ ᠡᠴᠡ ᠰᠤᠨᠤᠰᠤᠭᠰᠠᠨ ᠠᠪᠠᠴᠤ ᠨᠢᠳᠤ ᠪᠠᠷ ᠶᠢᠡᠨ ᠰᠠ‍‌ᠶᠢ ᠬᠠᠷᠠᠭᠰᠠᠨ ᠠᠵᠠᠢ᠃ ᠡᠪᠦᠭᠡᠨ ᠤ ᠳᠤᠷᠰᠢᠯᠭ᠎ᠠ ᠪᠠᠷ ᠪᠣᠯ ᠴᠠᠭᠠᠨ ᠥᠩᠭᠡ ᠲᠡᠶ ᠪᠣᠭᠤ ᠨᠢ ᠬᠠᠮᠤᠭ ᠨᠠᠭᠠᠳᠤ ᠵᠠᠬ᠎ᠠ ᠳᠤ ᠪᠠᠨ ᠭᠤᠴᠢᠨ ᠵᠢᠯ ᠤᠨ ᠰᠠᠯᠭᠢᠨ ᠪᠣᠷᠤᠭᠠᠨ ᠢ ᠥᠩᠭᠡᠷᠡᠭᠦᠯᠦᠭ᠍ᠰᠡᠨ ᠬᠠᠰᠢᠷ ᠠᠮᠢᠳᠠᠨ ᠪᠠᠢ᠌ᠵᠤ ᠳᠠᠭᠠᠷᠠᠨ᠎ᠠ᠃ ᠳᠡᠭᠦᠨ ᠤ ᠳᠠᠷᠢᠭᠢᠨ ᠳᠤ ᠰᠥᠰᠦᠭ᠌ ᠪᠢᠰᠢᠷᠠᠯ ᠪᠠ ᠨᠢᠳᠤ ᠪᠠᠨ ᠢᠳᠡᠭᠡᠨ ᠶᠠᠳᠠᠬᠤ ᠰᠡᠳᠬᠢᠯᠭᠡ ᠳᠠᠪᠬᠤᠴᠠᠨ ᠡᠷᠭᠢᠯᠳᠦᠨ᠎ᠡ᠃ ᠡᠪᠦᠭᠡᠨ ᠨᠢᠳᠤ ᠪᠠᠨ ᠠᠷᠴᠢᠬᠤ ᠪᠠᠷ ᠭᠠᠷ ᠶᠢᠡᠨ ᠳᠠᠳᠠᠳᠠᠯ᠎ᠠ ᠠᠷᠠᠰᠤᠨ ᠳᠠᠪᠠᠯ ᠤᠨ ᠬᠠᠠᠴᠤᠢ ᠵᠠᠮᠤᠭ ᠲᠤ ᠡᠯᠭᠦᠭ᠍ᠳᠡᠵᠤ ᠲᠦᠩ ᠭᠡᠵᠤ ᠠᠭᠤᠯᠠ ᠬᠠᠳᠠ ᠴᠤᠤᠷᠢᠶᠠᠯᠠᠪᠠ᠃ ᠨᠥᠭᠦᠭᠡ ᠳᠦᠷᠦᠭᠦᠴᠢ ᠪᠣᠭᠤ ᠴᠣᠢ᠌ᠯᠠᠨ ᠬᠠᠷᠠᠢ᠌ᠵᠤ ᠭᠡᠷᠡᠯ ᠮᠠᠳᠤ ᠴᠠᠭᠢᠯᠬᠤ ᠨᠢ ᠬᠠᠯᠳᠤ ᠬᠠᠷᠠᠭᠳᠠᠭᠰᠠᠨ ᠶᠢᠡᠨ ᠣᠷᠤ ᠳᠠᠰᠤ ᠠᠯᠠᠭ᠎ᠠ ᠪᠣᠯᠬᠤ ᠳᠤ ᠶᠤᠠᠳᠤᠨ ᠤ ᠳᠤᠳᠤᠷ᠎ᠠ ᠨᠢᠭᠡᠯᠡ ᠮᠠᠭᠤᠬᠠᠢ᠌ᠷᠠᠵᠤ ᠭᠤᠯᠠᠰᠤᠨ ᠣᠨᠠᠪᠠ᠃ ᠫᠣᠤ ᠶᠢᠨ ᠱᠤᠤᠭᠢᠶᠠᠨ ᠢ ᠵᠠᠯᠭᠠᠵᠤ ᠰᠦᠷᠦᠭ᠌ ᠤᠨ ᠳᠠᠪᠵᠢᠶᠠᠨ ᠶᠢᠡᠷ ᠴᠢᠯᠠᠭᠤᠳ ᠤᠨ ᠬᠠᠷᠰᠢᠯᠳᠤᠬᠤ ᠳᠠᠭᠤᠨ ᠡᠮᠭᠢ ᠵᠠᠮᠪᠠᠷᠠᠭ᠎ᠠ ᠦᠭᠡᠶ ᠳᠤᠭᠤᠯᠳᠠᠭᠰᠠᠨ ᠶᠢᠡᠨ ᠣᠢ ᠭᠦᠪᠴᠢ ᠨᠠᠮ ᠵᠢᠮ ᠪᠣᠯᠵᠤ ᠪᠠᠢ᠌ᠪᠠ᠃ ᠦᠨᠢᠷᠪᠠᠳᠤ ᠶᠢᠨ ᠡᠴᠢᠭᠡ ᠡᠴᠢᠭᠡ ᠶᠢᠨ ᠶᠢᠡᠨ ᠳᠡᠷᠭᠡᠳᠡ ᠭᠦᠷᠭᠦ ᠳᠤ ᠠᠮᠠᠨ ᠡᠴᠡ ᠨᠢ ᠭᠦᠭᠡᠰᠤ ᠰᠠᠬᠠᠷᠠᠨ ᠰᠢᠳᠤ ᠨᠢ ᠵᠠᠭᠤᠷᠠᠨ ᠠᠭᠤᠯᠠᠨ ᠡᠵᠡᠨ ᠤ ᠭᠦᠯᠦᠭ᠌ ᠭᠡᠮᠡᠨ ᠳᠠᠪᠳᠠᠨ ᠶᠠᠷᠢᠵᠤ ᠰᠤᠯᠳᠠᠢ᠌ᠵᠤ ᠪᠠᠢ᠌ᠪᠠ᠃ ᠶᠠᠮᠠᠷ ᠨᠢᠭᠡᠨ ᠮᠠᠭᠤ ᠵᠥᠭ᠌ ᠤᠨ ᠣᠴᠢᠷ ᠪᠣᠯᠵᠤ ᠪᠠᠢ᠌ᠭ᠎ᠠ ᠶᠢ ᠪᠠᠷᠤᠭᠯᠠᠭᠰᠠᠨ ᠦᠨᠢᠷᠪᠠᠳᠤ ᠶᠢᠨ ᠡᠴᠢᠭᠡ ᠠᠩ ᠡᠷᠭᠢᠭᠦ ᠪᠣᠳᠤᠯ ᠴᠤ ᠣᠷᠤᠭᠰᠠᠨ ᠦᠭᠡᠶ ᠡᠴᠢᠭᠡ ᠪᠠᠨ ᠰᠤᠠᠳᠠᠯᠠᠭᠠᠤᠨ ᠪᠣᠴᠠᠪᠠ᠃ ᠣᠷᠤᠢ ᠨᠢ ᠶᠤᠠᠳᠤᠨ ᠬᠤᠭᠤᠯᠠ ᠴᠤ ᠢᠳᠡᠭ᠍ᠰᠡᠨ ᠦᠭᠡᠶ ᠳᠤᠳᠤᠷ᠎ᠠ ᠨᠢ ᠦᠶ᠎ᠡ ᠦᠶ᠎ᠡ ᠮᠠᠭᠤᠬᠠᠢ᠌ᠷᠠᠵᠤ ᠪᠠᠢ᠌ᠭᠰᠠᠭᠠᠷ ᠣᠠᠳᠠᠪᠠ᠃

᠁ ᠠᠷᠪᠠᠨ ᠰᠠᠯᠠᠭ᠎ᠠ ᠡᠪᠠᠷ ᠲᠡᠶ ᠴᠠᠭᠠᠨ ᠪᠣᠭᠤ ᠥᠭᠡᠳᠡ ᠡᠴᠡ ᠨᠢ ᠬᠤᠶᠠᠷ ᠬᠨ ᠪᠠᠨ ᠡᠷᠭᠦᠵᠤ ᠠᠮᠠᠨ ᠭᠦᠵᠦᠭᠦᠨ ᠡᠴᠡ ᠪᠠᠨ ᠭᠠᠯ ᠣᠯᠠᠭᠠᠨ ᠴᠢᠰᠤ ᠭᠤᠭᠤᠵᠢᠭᠤᠯᠤᠨ᠄ ᠡᠪᠦᠭᠡ ᠳᠡᠭᠡᠳᠦᠰ ᠡᠴᠡ ᠴᠢᠨᠢ ᠠᠪᠣᠭᠠᠤᠨ ᠣᠳᠤ ᠪᠣᠯᠳᠠᠯ᠎ᠠ ᠨᠠᠳᠠ ᠯᠤᠭ᠎ᠠ ᠬᠠᠯᠳᠠᠵᠤ ᠥᠩᠭᠡᠷᠡᠭᠡ ᠦᠭᠡᠶ ᠪᠢᠯᠠ᠃ ᠠᠩ ᠤᠨ ᠭᠡᠰᠢᠭ᠌ ᠢ ᠳᠠᠰᠤᠯᠳᠠᠭᠤᠯᠤᠭ᠎ᠠ ᠦᠭᠡᠶ ᠭᠦᠷᠳᠡᠭᠡᠵᠤ ᠢᠷᠡᠭ᠍ᠰᠡᠨ ᠰᠢᠳᠦᠭᠡᠨ ᠠᠭᠤᠯᠠ ᠶᠢᠨ ᠶᠢᠡᠨ ᠨᠠᠪᠳᠠᠭ ᠰᠠᠪᠳᠠᠭ ᠯᠤᠭ᠎ᠠ ᠬᠠᠯᠳᠠᠬᠤ ᠴᠢᠨᠢ ᠶᠠᠭᠤᠨ ᠭᠡᠮᠡᠨ ᠴᠣᠢ᠌ᠯᠠᠨ ᠬᠠᠷᠠᠢ᠌ᠵᠤ ᠢᠷᠡᠭᠦ ᠪᠠᠷ ᠶᠤᠠᠳᠤᠨ᠄ ᠡᠨ ᠭᠡᠵᠤ ᠰᠤᠴᠢᠨ ᠰᠡᠷᠭᠦᠭ᠍ᠰᠡᠨ ᠶᠢᠡᠨ ᠨᠢᠳᠤ ᠨᠢ ᠴᠤᠷᠣᠢ᠌ᠵᠤ ᠳᠠᠭᠢᠨ ᠰᠤᠯᠢᠶ᠎ᠠ ᠶᠠᠷᠢᠵᠤ ᠡᠭᠢᠯᠡᠪᠡ᠃

ᠶᠡᠭᠡ ᠬᠠᠨ ᠤ ᠡᠵᠡᠳ ᠰᠠᠭᠢᠭᠤᠰᠤ ᠮᠢᠨᠢ ᠦᠷᠤᠰᠢᠶᠠ ︕ ᠠᠭᠤᠯᠠ ᠣᠰᠤᠨ ᠤ ᠪᠠᠨ ᠨᠠᠪᠳᠠᠭ ᠰᠠᠪᠳᠠᠭ ᠹᠸᠩᠱᠦᠢ ᠶᠢ ᠬᠠᠷᠢ ᠶᠢᠨ ᠵᠢᠷᠤᠬᠠᠢ᠌ᠴᠢ ᠳᠤ ᠬᠤᠯᠠᠭᠠᠢ᠌ᠯᠠᠭᠳᠠᠭᠰᠠᠨ ᠮᠢᠨᠤ ᠳᠠᠰᠢᠶᠠᠷᠠᠯ᠂ ᠰᠢᠳᠦᠭᠡᠨ ᠠᠭᠤᠯᠠ᠂ ᠡᠵᠡᠳ ᠰᠠᠭᠢᠭᠤᠯᠰᠤᠨ ᠯᠤᠭ᠎ᠠ ᠬᠠᠯᠳᠠᠭᠰᠠᠨ ᠮᠢᠨᠤ ᠶᠠᠯ᠎ᠠ ᠭᠡᠮᠡᠨ ᠬᠠᠰᠭᠢᠷᠤᠨ᠎ᠠ᠃

ᠨᠢᠭᠦᠯᠳᠤ ᠬᠠᠷ᠎ᠠ ᠳᠠᠮᠤᠷ ᠶᠢᠡᠨ ᠬᠤᠷᠢᠶᠠ ︕ ᠰᠢᠷᠬ᠎ᠠ ᠶᠢ ᠮᠢᠨᠢ ᠡᠳᠡᠭᠡᠵᠤ ᠥᠭ᠌ ᠭᠡᠵᠤ ᠵᠠᠩᠳᠤᠷᠤᠨ᠎ᠠ᠃ ᠳᠡᠭᠡᠵᠤ ᠪᠠᠢ᠌ᠳᠠᠯ᠎ᠠ ᠦᠶ᠎ᠡ ᠳᠠᠮᠵᠢᠨ ᠭᠡᠷᠡᠭᠯᠡᠭ᠍ᠳᠡᠵᠤ ᠢᠷᠡᠭ᠍ᠰᠡᠨ ᠬᠠᠨᠠᠨ ᠳᠤ ᠡᠯᠭᠦᠭᠡᠰᠦᠳᠡᠢ ᠠᠪᠠ ᠶᠢᠨ ᠫᠣᠤ ᠭᠡᠨᠡᠳᠲᠡ ᠦᠪᠠᠰᠤᠪᠠᠨ ᠳᠠᠷᠴᠢᠭᠢᠨᠠᠨ ᠭᠦᠳᠡᠯᠵᠤ ᠪᠠᠢ᠌ᠭᠰᠠᠨ ᠶᠢᠡᠨ ᠠᠮᠠᠨ ᠡᠴᠡ ᠨᠢ ᠭᠠᠯ ᠣᠯᠠᠭᠠᠨ ᠴᠢᠰᠤ ᠳᠤᠰᠤᠩᠨᠠᠨ ᠪᠠᠭᠤᠬᠤ ᠳᠤ ᠦᠨᠢᠷᠪᠠᠳᠤ ᠶᠢᠨ ᠡᠴᠢᠭᠡ ᠵᠢᠷᠦᠭᠡ ᠨᠢ ᠠᠮᠠ ᠪᠠᠷ ᠨᠢ ᠭᠠᠷᠤᠮᠠᠷ ᠪᠣᠯᠵᠤ ᠳᠤᠳᠤᠷ ᠬᠤᠪᠴᠠᠰᠤ ᠪᠠᠷ ᠶᠢᠡᠨ ᠭᠠᠷᠴᠤ ᠭᠦᠶ‍ᠦᠭᠡᠳ ᠪᠠᠷᠠᠭᠤᠨ ᠠᠢ᠌ᠯ ᠤᠨ ᠪᠦᠭᠡ ᠶᠢ ᠵᠠᠯᠠᠵᠤ ᠠᠪᠴᠢᠷᠠᠪᠠ᠃ ᠶᠤᠠᠳᠤᠨ ᠤ ᠪᠠᠢ᠌ᠳᠠᠯ ᠢ ᠨᠢᠭᠡᠨ ᠵᠡᠷᠭᠡ ᠬᠠᠷᠠᠭᠰᠠᠨ ᠪᠦᠭᠡ᠄ ᠳᠠᠨᠠᠢ᠌ᠭᠢᠨ ᠠᠭᠤᠯᠠ ᠶᠢᠨ ᠡᠵᠡᠳ ᠰᠠᠭᠢᠭᠤᠯᠰᠤᠨ ᠢ ᠭᠢᠯᠢᠩᠨᠡᠭᠦᠯᠦᠭ᠍ᠰᠡᠨ ᠪᠠᠢ᠌ᠨ᠎ᠠ᠃ ᠮᠠᠷᠭᠠᠰᠢ ᠡᠴᠡ ᠡᠭᠢᠯᠡᠵᠤ ᠠᠪᠠ ᠶᠢᠨ ᠫᠣᠤ ᠪᠠᠨ ᠬᠤᠷᠢᠶᠠᠵᠤ ᠭᠤᠷᠪᠠᠨ ᠦᠶ᠎ᠡ ᠠᠭᠤᠯᠠ ᠶᠢᠨ ᠠᠮᠢᠳᠠᠨ ᠭᠤᠤᠯᠳᠠᠨ ᠢ ᠬᠠᠮᠠᠭᠠᠯᠠᠵᠤ ᠨᠢᠭᠦᠯ ᠭᠢᠯᠢᠠᠴᠠ ᠪᠠᠨ ᠳᠠᠢ᠌ᠯᠬᠤ ᠭᠡᠷᠡᠭ᠍ᠳᠡᠢ ᠭᠡᠵᠤ ᠠᠢ᠌ᠯᠠᠳᠤᠭᠠᠤᠨ ᠬᠤᠶᠠᠭ ᠵᠠᠰᠠᠯ ᠶᠢᠡᠨ ᠡᠮᠦᠰᠴᠤ ᠨᠢᠭᠡᠨ ᠵᠡᠷᠭᠡ ᠤᠩᠭ᠋ᠦᠳ ᠪᠠᠭᠤᠭᠰᠠᠨ ᠤ ᠳᠠᠷᠠᠭ᠎ᠠ ᠶᠤᠠᠳᠤᠨ ᠠᠭᠠᠵᠢᠮᠬᠠᠨ ᠰᠡᠷᠭᠦᠵᠡᠢ᠃ ᠮᠠᠷᠭᠠᠰᠢ ᠡᠴᠡ ᠨᠢ ᠪᠦᠭᠡ ᠶᠢᠨ ᠳᠤᠯᠤᠭᠠᠨ ᠬᠤᠨᠤᠭ ᠤᠨ ᠳᠠᠷᠤᠯᠭ᠎ᠠ ᠵᠠᠰᠠᠯ ᠭᠢᠭ᠍ᠰᠡᠨ ᠤ ᠳ᠋ᠦ᠋ᠩ ᠳ᠋ᠤ ᠶᠤᠠᠳᠤᠨ ᠤ ᠣᠢ ᠣᠬᠠᠭᠠᠨ ᠨᠢ ᠭᠡᠪ ᠤᠨ ᠪᠠᠢ᠌ᠳᠠᠯ ᠳᠤ ᠪᠠᠨ ᠣᠷᠤᠭᠰᠠᠨ ᠪᠣᠯᠪᠠᠴᠤ ᠬᠤᠶᠠᠷ ᠨᠢᠳᠤᠨ ᠤ ᠬᠠᠷᠠᠭ᠎ᠠ ᠪᠠᠨ ᠠᠯᠳᠠᠭᠰᠠᠨ ᠪᠠᠢ᠌ᠵᠠᠢ᠃ ᠳᠡᠭᠦᠨ ᠡᠴᠡ ᠡᠭᠢᠯᠡᠨ ᠶᠤᠠᠳᠤᠨ ᠤ ᠭᠢᠨᠢ ᠭᠤᠷᠪᠠᠨ ᠦᠶ᠎ᠡ ᠠᠪᠠ ᠭᠢᠭᠦ ᠦᠭᠡᠶ ᠭᠡᠮᠡᠨ ᠠᠮᠠᠯᠳᠠᠵᠤ ᠬᠤᠷᠳᠤᠨ ᠫᠣᠤ ᠪᠠᠨ ᠠᠪᠳᠠᠷ᠎ᠠ ᠶᠢᠨ ᠢᠷᠤᠭᠠᠷ ᠲᠤ ᠪᠠᠨ ᠳᠠᠷᠤᠵᠤ ᠳᠠᠯᠪᠢᠭᠠᠤᠨ ᠠᠭᠤᠯᠠ ᠶᠢᠨ ᠬᠠᠷᠠᠭᠤᠯ ᠪᠣᠯᠤᠭᠰᠠᠨ ᠪᠢᠯᠠ᠃

ᠡᠪᠦᠭᠡ ᠶᠢᠨ ᠶᠢᠡᠨ ᠳᠤᠬᠠᠢ ᠶᠢᠨ ᠦᠶ᠎ᠡ ᠶᠢᠨ ᠪᠠᠢ᠌ᠳᠠᠯ ᠢ ᠦᠨᠢᠷᠪᠠᠳᠤ ᠪᠦᠦᠷ ᠳᠦᠤᠷ ᠴᠡᠭᠡᠵᠢᠯᠡᠵᠤ ᠪᠠᠢ᠌ᠬᠤ ᠡᠴᠡ ᠳᠡᠭᠦᠨ ᠳᠤ ᠵᠠᠭᠢᠭᠰᠠᠨ ᠭᠡᠷᠢᠶᠡᠰᠤ ᠶᠢ ᠨᠢ ᠪᠠᠳᠤ ᠪᠠᠶᠡᠯᠡᠭᠦᠯᠦᠭ᠍ᠰᠡᠭᠡᠷ ᠪᠠᠢ᠌ᠯ᠎ᠠ᠃ ᠰᠢᠨ᠎ᠠ ᠴᠠᠭ ᠦᠶ᠎ᠡ ᠳᠤ ᠥᠰᠦᠭ᠍ᠰᠡᠨ ᠳᠠᠷᠠ ᠠᠭᠤᠯᠠᠨ ᠤ ᠡᠵᠡᠨ ᠤ ᠭᠦᠯᠦᠭ᠌ ᠭᠡᠳᠡᠭ᠌ ᠶᠠᠷᠢᠶ᠎ᠠ ᠶᠢ ᠢᠳᠡᠭᠡᠨ ᠶᠠᠳᠠᠬᠤ ᠪᠣᠯᠪᠠᠴᠤ ᠨᠢᠳᠤ ᠪᠠᠷ ᠶᠢᠡᠨ ᠥᠵᠡᠭ᠍ᠰᠡᠨ ᠡᠪᠦᠭᠡ ᠶᠢᠨ ᠭᠢᠨᠢ ᠣᠴᠠᠷᠠᠯ ᠳᠡᠭᠦᠨ ᠢ ᠶᠠᠭᠠᠭᠢᠬᠤ ᠶᠢᠨ ᠠᠷᠭ᠎ᠠ ᠦᠭᠡᠶ ᠰᠥᠰᠦᠭ᠌ ᠪᠢᠰᠢᠷᠠᠯ ᠥᠭᠡᠳᠡ ᠭᠦᠳᠦᠯᠵᠤ ᠪᠠᠢ᠌ᠯ᠎ᠠ᠃ ᠶᠠᠭᠤ ᠴᠤ ᠭᠡᠰᠡᠨ ᠣᠳᠤᠬᠠᠨ ᠳᠤ ᠪᠣᠭᠤ ᠶᠢᠨ ᠰᠦᠷᠦᠭ᠌ ᠢ ᠰᠢᠨᠤᠬᠠᠢ ᠰᠠᠨᠠᠭᠠᠳᠠᠨ ᠤ ᠬᠠᠷᠠᠭᠠᠨ ᠳᠤ ᠦᠷᠳᠦᠭᠦᠯᠦᠯ ᠦᠭᠡᠶ ᠮᠠᠠᠳᠤ ᠬᠠᠮᠠᠭᠠᠯᠠᠵᠤ ᠥᠩᠭᠡᠷᠡᠭᠦᠯᠭᠦ ᠨᠢ ᠨᠤᠳᠤᠭ ᠣᠰᠤᠨ ᠳᠠᠭᠠᠨ ᠬᠠᠷᠢᠭᠤᠴᠠᠬᠤ ᠣᠳᠤᠮᠴᠢ ᠴᠢᠨᠠᠷ ᠪᠠ ᠡᠪᠦᠭᠡ ᠶᠢᠨ ᠭᠡᠷᠢᠶᠡᠰᠤ ᠶᠢ ᠪᠠᠶᠡᠯᠡᠭᠦᠯᠭᠦ ᠳᠠᠩᠭ᠋ᠠᠷᠢᠭ ᠲᠠᠭᠠᠨ ᠣᠰᠤᠯᠳᠠᠬᠤ ᠦᠭᠡᠶ ᠣᠴᠢᠷ ᠪᠣᠯᠤᠭᠠᠤᠨ ᠪᠠᠢ᠌ᠪᠠ᠃   ᠨᠠᠷᠠ ᠦᠳᠡ ᠭᠡᠯᠪᠠᠢ᠌ᠪᠡ᠃ ᠨᠥᠭᠦᠭᠡ ᠪᠣᠭᠤ ᠶᠢᠨ ᠰᠦᠷᠦᠭ᠌ ᠵᠢᠯᠠᠭ᠎ᠠ ᠶᠢᠨ ᠰᠢᠭᠤᠢ ᠳᠤ ᠰᠢᠷᠭᠤᠭᠰᠠᠨ ᠶᠢᠡᠨ ᠳᠠᠭᠢᠵᠤ ᠬᠠᠷᠠᠭᠳᠠᠭ᠎ᠠ ᠦᠭᠡᠶ ᠴᠤ ᠦᠨᠢᠷᠪᠠᠳᠤ ᠬᠠᠶᠠ ᠵᠥᠭᠡᠯᠡᠨ ᠣᠷᠤᠮᠳᠠᠬᠤ ᠲ᠋ᠠᠭᠤᠨ ᠶᠢᠡᠷ ᠨᠢ ᠳᠠᠢ᠌ᠪᠣᠩ ᠪᠠᠢ᠌ᠭ᠎ᠠ ᠶᠢ ᠨᠢ ᠳᠤᠳᠤᠯᠠᠵᠤ ᠰᠠᠭᠤᠨ᠎ᠠ᠃ ᠨᠠᠷᠠᠨ ᠤ ᠢᠯᠴᠢᠨ ᠳᠤ ᠬᠠᠳᠠ ᠶᠢᠨ ᠨᠦᠮᠦᠷᠢ ᠶᠢᠨ ᠴᠠᠰᠤ ᠤᠶᠠᠷᠠᠭᠠᠳ ᠡ᠊ᠡᠳᠡ ᠳᠠᠠᠳᠠ ᠴᠤᠬᠤᠷᠯᠠᠨ ᠬᠠᠷᠠᠯᠠᠵᠤ ᠢᠳᠠᠭᠤ ᠭᠤᠷᠭᠤᠤᠯ ᠥᠨᠡᠭᠡ ᠳᠠᠤᠯᠠᠢ ᠶᠢᠨ ᠢᠳᠠᠰᠢ ᠡᠷᠢᠭᠦ ᠰᠠᠢ᠌ᠬᠠᠨ ᠴᠠᠭ ᠭᠦᠷᠴᠤ ᠢᠷᠠᠵᠠᠢ᠃ ᠦᠨᠢᠷᠪᠠᠳᠤ ᠡᠨᠡ ᠡᠳᠦᠷ ᠪᠣᠭᠤ ᠬᠠᠷᠠᠭᠰᠠᠨ ᠡᠴᠡ ᠪᠣᠯᠵᠤ ᠪᠣᠴᠠᠬᠤ ᠴᠠᠭ ᠶᠢᠡᠨ ᠣᠷᠣᠢ᠌ᠬᠠᠨ ᠪᠣᠯᠭᠠᠪᠠ᠃ ᠳᠠᠷᠠ ᠪᠣᠳᠤᠯ ᠳᠤ ᠪᠠᠨ ᠪᠣᠯᠵᠤ ᠰᠡᠳᠭᠢᠯ ᠨᠢ ᠳᠡᠪᠵᠢᠶᠡᠷᠡᠭ᠍ᠰᠡᠨ ᠤ ᠡᠷᠭᠡᠨ ᠳᠤ ᠰᠢᠯ ᠲᠡᠶ ᠠᠷᠢᠭᠢ ᠪᠠᠨ ᠦᠪᠡᠷ ᠤᠨ ᠮᠠᠳᠠᠯ ᠦᠭᠡᠶ ᠳᠤᠩᠭ᠋ᠣᠢ᠌ᠯᠭᠠᠵᠤ ᠣᠷᠭᠢᠭᠰᠠᠨ ᠶᠢᠡᠨ ᠳᠤᠭᠳᠤᠯᠤᠭᠰᠠᠨ ᠰᠡᠳᠬᠢᠯᠭᠡ ᠨᠢ ᠳᠠᠢ᠌ᠪᠣᠰᠢᠷᠠᠵᠤ ᠳᠤᠷᠠᠨ ᠶᠢᠡᠨ ᠠᠪᠴᠤ ᠠᠭᠤᠯᠠ ᠳᠤᠯᠤᠭᠠᠤᠨ ᠢ ᠳᠠᠭᠢᠠᠳᠠ ᠳᠤᠭᠤᠷᠢᠭᠤᠯᠤᠨ ᠪᠠᠢ᠌ᠴᠠᠭᠠᠬᠤ ᠦᠶ᠎ᠡ ᠳᠤ ᠵᠢᠯᠠᠭ᠎ᠠ ᠶᠢᠨ ᠠᠮᠠ ᠪᠠᠷ ᠡᠮᠦᠨ᠎ᠡ ᠭᠡᠳᠤᠨ ᠡᠳᠦᠷ ᠢᠯᠡᠷᠡᠭ᠍ᠰᠡᠨ ᠵᠢᠵᠢᠭ᠌ ᠮᠠᠰᠢᠨ ᠭᠡᠰᠡᠭ᠌ ᠵᠤᠭᠰᠤᠨ ᠭᠡᠰᠡᠭ᠌ ᠣᠷᠤᠭᠰᠢᠯᠠᠬᠤ ᠨᠢ ᠬᠠᠷᠠᠭᠳᠠᠪᠠ᠃ ᠦᠨᠢᠷᠪᠠᠳᠤ ᠶᠢᠨ ᠳᠤᠳᠤᠷ᠎ᠠ ᠮᠦᠨᠳᠤᠷ ᠤᠨ ᠡᠭᠦᠯᠡ ᠨᠦᠮᠦᠷᠢᠨ ᠢᠷᠡᠭᠦ ᠰᠢᠭ᠌ ᠰᠠᠨᠠᠭᠳᠠᠨ ᠳᠤᠷᠠᠨ ᠶᠢᠡᠨ ᠭᠦᠵᠦᠭᠦᠨ ᠳᠤ ᠪᠠᠨ ᠵᠡᠭᠦᠮᠡᠭ᠍ᠴᠡ ᠮᠤᠷᠢᠨ ᠳᠤ ᠪᠠᠨ ᠮᠤᠷᠳᠠᠵᠤ ᠮᠠᠰᠢᠨ ᠣᠷᠤᠭᠤ ᠳᠤᠪᠳᠤᠯᠭᠠᠪᠠ᠃ ᠵᠢᠯᠵᠢᠨ ᠠᠭᠤᠯᠠ ᠬᠠᠳᠠ ᠥᠭ᠍ᠰᠤᠨ ᠣᠷᠤᠭᠤᠳᠠᠵᠤ ᠳᠠᠳᠤᠭᠰᠠᠨ ᠬᠤᠷᠳᠤᠨ ᠰᠠᠷᠠᠯ ᠳᠤᠭᠳᠠᠭᠤᠨ ᠰᠠᠢ᠌ᠬᠠᠨ ᠭᠦᠶ‍ᠦᠳᠡᠯ ᠶᠢᠡᠷ ᠠᠭᠤᠯᠠ ᠣᠷᠤᠭᠤᠳᠠᠨ ᠣᠳᠠᠵᠤ ᠳᠦᠳᠠᠯ ᠦᠭᠡᠶ ᠮᠠᠰᠢᠨ ᠤ ᠳᠡᠷᠭᠡᠳᠡ ᠭᠦᠷᠳᠡᠯ᠎ᠡ ᠢᠳᠠᠭᠤ ᠰᠢᠭᠢᠳᠤᠨ ᠮᠤᠩᠭ᠋ᠠᠨᠢᠭᠰᠠᠨ ᠭᠡᠳᠦᠭᠦᠯᠡ ᠠᠩᠵᠠᠭᠠᠷᠠᠭᠰᠠᠨ ᠦᠭᠡᠶ᠃ ᠪᠣᠭᠤ ᠶᠢᠨ ᠠᠩᠴᠢᠨ ᠪᠢᠰᠢ ᠪᠣᠯᠬᠤ ᠪᠠᠷ ᠨᠢ ᠦᠨᠢᠷᠪᠠᠳᠤ ᠶᠢᠨ ᠳᠤᠳᠤᠷ᠎ᠠ ᠠᠭᠤᠵᠢᠷᠠᠵᠤ ᠣᠴᠢᠭᠰᠠᠨ ᠴᠤ ᠳᠡᠷᠭᠡᠨ ᠳᠠᠪᠰᠢ ᠳᠤ ᠣᠪᠣᠭᠠᠯᠠᠰᠤᠳᠠᠢ ᠪᠦᠭᠡᠮ ᠢᠳᠠᠭᠤ ᠶᠢ ᠬᠠᠷᠠᠭᠠᠤᠨ ᠬᠤᠷᠤ ᠨᠢ ᠪᠣᠴᠠᠯᠵᠤ ᠳᠠᠩᠰᠠᠨ ᠡᠰᠢ ᠲᠡᠶ ᠮᠢᠯᠠᠭ᠎ᠠ ᠪᠠᠨ ᠰᠢᠯᠠᠮᠳᠠᠭᠰᠠᠭᠠᠷ ᠳᠤᠮᠤ ᠠᠯᠬᠤᠮ ᠶᠢᠡᠷ ᠦᠨᠦ ᠭᠡᠳᠦᠭᠦᠯᠡ ᠶᠢᠨ ᠳᠡᠷᠭᠡᠳᠡ ᠭᠦᠷᠴᠤ ᠣᠴᠢᠪᠠ᠃ ᠠᠪᠠ ᠶᠢᠨ ᠪᠠᠬᠠᠨ ᠳᠤ ᠪᠠᠨ ᠪᠣᠯᠤᠭᠰᠠᠨ ᠳᠠᠳᠠ ᠠᠷᠠᠰᠤᠨ ᠭᠤᠳᠤᠯ ᠤᠨ ᠳᠠᠭᠤᠨ ᠳᠤ ᠰᠤᠴᠢᠰᠭᠢᠨ ᠥᠡᠳᠡᠢ᠌ᠵᠡᠭᠡᠭ᠍ᠰᠡᠨ ᠶᠢᠡᠨ ᠥᠡᠳᠦᠷ ᠡᠴᠡᠩᠭᠢ ᠪᠠᠶ᠎ᠠ ᠲᠡᠶ ᠨᠢᠭᠡ ᠨᠢ ᠭᠢᠯᠢᠩ ᠪᠠᠳᠠᠷᠠᠭᠰᠠᠨ ᠦᠨᠢᠷᠪᠠᠳᠤ ᠶᠢᠨ ᠴᠢᠷᠠᠢ ᠶᠢ ᠡᠭ᠍ᠴᠡᠯᠡᠨ ᠬᠠᠷᠠᠵᠤ ᠴᠢᠳᠠᠯ ᠦᠭᠡᠶ ᠢᠷᠪᠠᠢ᠌ᠨ ᠢᠨᠢᠶᠡᠭ᠍ᠰᠡᠭᠡᠷ ᠶᠠᠩᠵᠤᠷ ᠠᠭᠤᠳᠠᠯᠤᠨ ᠥᠭᠡᠳᠡ ᠡᠴᠡ ᠨᠢ ᠵᠠᠩᠭ᠋ᠠᠵᠤ᠄ 《ᠠᠬ᠎ᠠ ᠳᠡᠭᠦᠤ ᠡ ︕ ᠳᠠᠮᠠᠭᠢ ᠳᠠᠳᠠ》 ᠭᠡᠵᠤ ᠴᠤᠯᠴᠠᠷᠠᠨ ᠪᠦᠭ᠍ᠴᠦᠭᠡᠨᠡᠭᠦ ᠨᠢ ᠦᠨᠢᠷᠪᠠᠳᠤ ᠳᠤ ᠡᠪᠦᠭᠡ ᠶᠢᠨ ᠭᠢᠨᠢ ᠶᠠᠷᠢᠳᠠᠭ ᠳᠡᠮᠡᠭᠡ ᠲᠡᠶ ᠰᠢᠷ᠎ᠠ ᠵᠢᠷᠤᠬᠠᠢ᠌ᠴᠢ ᠰᠠᠨᠠᠭᠳᠠᠭᠤᠯᠵᠠᠢ᠃ ᠦᠨᠢᠷᠪᠠᠳᠤ ᠬᠠᠷᠠᠵᠤ ᠴᠤ ᠥᠵᠡᠭ᠍ᠰᠡᠨ ᠦᠭᠡᠶ ᠪᠠᠷ ᠭᠠᠷ ᠢ ᠨᠢ ᠲᠦᠯᠭᠢᠨ ᠵᠠᠢ᠌ᠯᠠᠭᠤᠯᠵᠤ᠄ 《ᠠᠩ ᠠᠮᠢᠳᠠᠨ ᠬᠤᠷᠤᠭᠠᠬᠤ ᠶᠢ ᠴᠢᠩᠭ᠋᠎ᠠ ᠴᠠᠭᠠᠵᠠᠯᠠᠵᠤ ᠪᠠᠢ᠌ᠭ᠎ᠠ ᠦᠨᠦ ᠴᠠᠭ ᠢᠯᠠ ᠪᠠᠷ ᠫᠣᠤᠳᠠᠵᠤ ᠠᠪᠠᠯᠠᠨ᠎ᠠ ᠭᠡᠳᠡᠭ᠌ ᠴᠢᠨᠢ ᠶᠠᠮᠠᠷ ᠶᠡᠭᠡ ᠰᠦᠰᠦ ᠪᠣᠢ᠂ ᠡᠷᠳᠡᠭᠡᠨ ᠫᠣᠤ ᠰᠤᠮᠤ ᠪᠠᠨ ᠬᠤᠷᠢᠶᠠᠵᠤ ᠠᠷᠢᠯᠠ ︕》ᠭᠡᠮᠡᠨ ᠵᠠᠩᠳᠠᠪᠠ ᠳᠡᠭᠡᠳᠡᠯ᠎ᠡ ᠫᠠᠭᠳᠠᠭᠠᠷ ᠳᠠᠷᠭᠤᠨ ᠳᠠᠷᠤᠭ᠎ᠠ ᠮᠠᠶ‍ᠢᠭ ᠤᠨ ᠨᠢᠭᠡ ᠨᠢ ᠦᠨᠢᠷᠪᠠᠳᠤ ᠶᠢ ᠳᠤᠭᠤᠮᠵᠢᠷ ᠦᠭᠡᠶ ᠴᠠᠢ᠌ᠪᠠᠢ᠌ᠵᠤ᠄ 《ᠴᠢ ᠶᠠᠭᠤᠨ ᠤ ᠭᠦᠮᠤᠨ ᠪᠣᠯᠴᠢᠬᠠᠭᠠᠤᠨ ᠪᠠᠭᠠᠰᠢᠯᠠᠬᠤ ᠨᠢ ᠪᠣᠢ ︖》ᠮᠤᠩᠭ᠋ᠤᠯᠵᠢᠭᠤ ᠭᠡᠯᠡᠯᠭᠡ ᠪᠠᠷ ᠠᠭᠰᠤᠷᠤᠨ ᠥᠭᠡᠳᠡ ᠡᠴᠡ ᠨᠢ ᠭᠡᠳᠤ ᠠᠯᠬᠤᠭᠰᠠᠨ ᠶᠢᠡᠨ ᠭᠦᠯᠳᠦᠭᠡᠨᠡᠭ᠍ᠰᠡᠨ ᠰᠢᠷᠢᠨ ᠳᠠᠰᠢᠭᠤᠷ ᠡᠴᠡ ᠰᠢᠷᠭᠢ᠌ᠵᠤ ᠵᠤᠭ ᠳᠤᠰᠪᠠ᠃ ᠮᠦᠨ ᠴᠤ ᠨᠢᠭᠡ ᠮᠤᠩᠭ᠋ᠤᠯ ᠶᠢᠡᠷ ᠰᠤᠷᠭᠠᠭᠰᠠᠨ ᠳᠤᠳᠢ ᠪᠠᠢ᠌ᠨ᠎ᠠ ᠳ᠋ᠠ ᠭᠡᠵᠤ ᠪᠣᠳᠤᠭᠰᠠᠨ ᠦᠨᠢᠷᠪᠠᠳᠤ᠄

ᠪᠢ ᠪᠣᠯ ᠠᠭᠤᠯᠠᠨ ᠬᠠᠷᠠᠭᠤᠯ ᠭᠡᠵᠤ ᠲᠦᠪ ᠴᠢᠩᠭ᠋᠎ᠠ ᠭᠡᠯᠡᠪᠡ᠃

ᠪᠢᠳᠠ ᠰᠢᠭᠤᠢ ᠶᠢᠨ ᠴᠠᠭᠳᠠᠭ᠎ᠠ ᠪᠠᠢ᠌ᠨ᠎ᠠ᠃ ᠣᠢ ᠴᠠᠭᠳᠠᠬᠤ ᠪᠠᠷ ᠭᠠᠷᠴᠤ ᠢᠷᠡᠭᠡᠳ ᠭᠡᠳᠤᠨ ᠢᠳᠠᠭᠤ ᠫᠣᠤᠳᠠᠭᠰᠠᠨ ᠳᠠᠳᠤᠢ ︕ ᠠᠬ᠎ᠠ ᠳᠡᠭᠦᠤ ᠡ᠂ ᠠᠭᠤᠷ ᠶᠢᠡᠨ ᠳᠠᠷᠤ ᠭᠡᠭ᠍ᠰᠡᠭᠡᠷ ᠡᠴᠡᠩᠭᠢ ᠮᠠᠷᠰᠠᠭᠠᠨᠠᠨ ᠢᠨᠢᠶᠠᠵᠤ ᠮᠦᠷᠤ ᠶᠢ ᠨᠢ ᠳᠠᠪᠰᠢᠪᠠ᠃

《ᠣᠢ ᠶᠢᠨ ᠴᠠᠭᠳᠠᠭ᠎ᠠ ᠪᠠᠢ᠌ᠭᠠᠳ ᠬᠠᠤᠯᠢ ᠶᠢ ᠵᠦᠷᠢᠴᠠᠵᠤ ᠲ᠋ᠤᠷ᠎ᠠ ᠪᠠᠷ ᠠᠪᠠᠯᠠᠭᠰᠠᠨ ᠶᠤᠮ ᠴᠢᠨᠢ ᠡᠩ ᠤᠨ ᠭᠦᠮᠤᠨ ᠡᠴᠡ ᠬᠤᠪᠢ ᠳᠠᠭᠢᠨ ᠳᠤᠷᠭᠠᠭᠳᠠᠬᠤ ᠨᠢ ᠵᠣᠢ᠌ᠳᠠᠢ》 ᠭᠡᠵᠤ ᠦᠨᠢᠷᠪᠠᠳᠤ ᠵᠢᠦᠡᠭᠦᠪᠡ᠃ ᠳᠡᠷᠭᠡᠨ ᠴᠤᠩᠬᠤ ᠪᠠᠷ ᠱᠠᠭᠠᠢ᠌ᠵᠤ ᠰᠠᠭᠤᠭᠰᠠᠨ ᠵᠢᠯᠤᠭᠤᠴᠢ ᠪᠠᠭᠤᠵᠤ ᠢᠷᠡᠭᠡᠳ᠄ 《ᠠᠬ᠎ᠠ ᠳᠡᠭᠦᠤ ᠡ ︕ ᠡᠨᠡ ᠶᠠᠮᠠᠷ ᠭᠦᠮᠤᠨ ᠪᠣᠯᠬᠤ ᠶᠢ᠌ ᠮᠡᠳᠡᠭᠦ ᠦᠦ︖ ᠬᠤᠰᠢᠭᠤᠨ ᠳᠠᠷᠤᠭ᠎ᠠ ᠪᠠᠶ᠎ᠠ ᠪᠠᠷ ᠶᠢᠡᠨ ᠶᠠᠪᠣᠵᠤ ᠪᠣᠢ ᠰᠢᠤ》 ᠭᠡᠵᠤ ᠰᠦᠷᠳᠡᠭᠦᠯᠭᠦ ᠮᠠᠶ‍ᠢᠭᠳᠠᠢ ᠦᠴᠢᠪᠠ᠃ ᠡᠮᠦᠨ᠎ᠡ ᠨᠢ ᠵᠤᠭᠰᠤᠵᠤ ᠪᠠᠢ᠌ᠭ᠎ᠠ ᠫᠠᠭᠳᠠᠭᠠᠷ ᠳᠠᠷᠭᠤᠨ ᠭᠦᠮᠤᠨ ᠢ ᠬᠤᠰᠢᠭᠤᠨ ᠳᠠᠷᠤᠭ᠎ᠠ ᠭᠡᠵᠤ ᠦᠨᠢᠷᠪᠠᠳᠤ ᠢᠳᠡᠭᠡᠨ ᠶᠠᠳᠠᠪᠠ᠃ ᠠᠩ ᠤᠨ ᠣᠯᠠᠷᠢᠯ ᠪᠣᠯᠤᠭᠰᠠᠭᠠᠷ ᠬᠤᠰᠢᠭᠤᠨ ᠡᠴᠡ ᠮᠡᠳᠡᠭ᠍ᠳᠡᠯ ᠪᠢᠴᠢᠭ᠌ ᠪᠠᠭᠤᠯᠭᠠᠵᠤ ᠠᠪᠠᠯᠠᠬᠤ ᠶᠢ ᠴᠢᠩᠳᠠᠯᠠᠨ ᠬᠤᠷᠢᠭᠯᠠᠳᠠᠭ ᠠᠳᠠᠯ᠎ᠠ ᠪᠠᠨ ᠬᠤᠰᠢᠭᠤᠨ ᠳᠠᠷᠤᠭ᠎ᠠ ᠪᠠᠶ᠎ᠠ ᠪᠠᠷ ᠶᠢᠡᠨ ᠠᠪᠠᠯᠠᠨ᠎ᠠ ᠭᠡᠳᠡᠭ᠌ ᠴᠢᠨᠢ ᠶᠤᠰᠤᠳᠠᠢ ᠭᠡᠯᠡᠭᠦ ᠨᠢ ᠳᠡᠯᠡᠭᠡᠢ ᠭᠢᠭᠦ ᠨᠢ ᠮᠡᠯᠡᠭᠡᠢ᠂ ᠳᠡᠭᠡᠷᠡᠬᠢ ᠶᠢᠨ ᠭᠡᠯᠡᠭᠦ ᠨᠢ ᠲ᠋ᠡᠭ᠍ᠰᠢ ᠳᠦᠷᠪᠠᠯᠵᠢᠨ ᠮᠠᠨᠠᠢ᠌ᠭᠢᠨ ᠤ ᠭᠢᠭᠦ ᠨᠢ ᠮᠠᠬᠠᠢ ᠭᠤᠷᠪᠠᠯᠵᠢᠨ ᠴᠠᠭ ᠪᠣᠯᠵᠤ ᠳ᠋ᠠ ︕ ᠳᠠᠷᠠ ᠡᠳᠡᠨᠦᠰ ᠢ ᠬᠠᠮᠢᠶᠠᠷᠠᠬᠤ ᠦᠭᠡᠶ ᠶᠠᠪᠣᠴᠢᠬᠠᠬᠤ ᠶᠢ ᠰᠠᠨᠠᠪᠠ᠃ ᠭᠡᠪᠠᠴᠤ ᠡᠷᠳᠡ ᠶᠢᠨ ᠢᠯᠡᠷᠡᠭ᠍ᠰᠡᠨ ᠪᠣᠭᠤ ᠶᠢᠨ ᠰᠦᠷᠦᠭ᠌ ᠰᠠᠨᠠᠭᠠᠨ ᠳᠤ ᠨᠢ ᠣᠷᠤᠮᠠᠭᠴᠠ ᠦᠶ᠎ᠡ ᠣᠯᠠᠷᠢᠨ ᠠᠮᠢᠳᠤᠷᠠᠭᠰᠠᠨ ᠪᠠᠢ᠌ᠭᠠᠯᠢ ᠳᠡᠯᠡᠭᠡᠢ ᠶᠢᠨ ᠶᠢᠡᠨ ᠰᠢᠷᠭᠡᠭ᠌ ᠡᠪᠠᠰᠤ ᠮᠥᠭᠦᠯᠢᠭ᠌ ᠰᠢᠷᠤᠢ ᠳᠤ ᠭᠦᠷᠳᠡᠯ᠎ᠡ ᠵᠢᠷᠦᠭᠡ ᠪᠠᠨ ᠣᠭᠤᠰᠤᠷᠯᠠᠳᠠᠭ ᠣᠳᠤᠮᠴᠢ ᠴᠢᠨᠠᠷ ᠪᠠ ᠡᠪᠦᠭᠡ ᠶᠢᠨ ᠭᠢᠨᠢ ᠬᠠᠳᠠᠭᠤ ᠭᠡᠷᠢᠶᠡᠰ ᠬᠤᠶᠠᠷ ᠦᠨᠢᠷᠪᠠᠳᠤ ᠶᠢᠨ ᠭᠡᠨ ᠡᠴᠡ ᠴᠤ ᠰᠦᠷᠳᠡᠳᠡᠭ᠌ ᠦᠭᠡᠶ ᠬᠠᠳᠠᠭᠤ ᠵᠠᠩ ᠢ ᠭᠦᠳᠡᠯᠭᠡᠵᠤ ᠵᠠᠵᠢ ᠡᠴᠡ ᠪᠠᠨ ᠴᠢᠰᠤ ᠡᠴᠡ ᠳᠠᠭᠠᠭᠠᠪᠣᠷᠢᠯᠠᠳᠠᠯ᠎ᠠ ᠭᠢᠯᠢᠩᠨᠠᠨ᠄ 《ᠬᠤᠰᠢᠭᠤᠨ ᠳᠠᠷᠤᠭ᠎ᠠ ᠪᠣᠯ ᠶᠠᠭᠠᠭᠢᠳᠠᠭ ᠶᠤᠮ ᠡᠨᠡ ᠠᠭᠤᠯᠠ ᠶᠢᠨ ᠠᠩ ᠠᠮᠢᠳᠠᠨ ᠢ ᠬᠠᠮᠠᠭᠠᠯᠠᠬᠤ ᠪᠣᠯ ᠮᠢᠨᠤ ᠬᠠᠷᠢᠭᠤᠴᠠᠯᠭ᠎ᠠ ᠮᠦᠨ᠃ ᠭᠡᠨ ᠪᠣᠯᠤᠭᠰᠠᠨ ᠴᠤ ᠬᠠᠤᠯᠢ ᠡᠴᠡ ᠵᠦᠷᠢᠴᠠᠪᠠᠯ ᠰᠢᠦᠡᠭᠡᠯ ᠠᠮᠰᠠᠬᠤ ᠶᠤᠰᠤᠳᠠᠢ》 ᠭᠡᠵᠤ ᠣᠢ ᠭᠦᠪᠴᠢ ᠶᠢ ᠴᠤᠤᠷᠢᠶᠠᠯᠠᠳᠠᠯ᠎ᠠ ᠬᠠᠰᠭᠢᠷᠪᠠ᠃

ᠭᠡᠯᠡᠭ᠍ᠰᠡᠨ ᠵᠤᠷᠢᠭᠰᠠᠨ ᠡᠴᠡ ᠪᠠᠨ ᠪᠣᠴᠠᠬᠤ ᠶᠠᠩᠵᠤ ᠣᠭᠳᠤ ᠦᠭᠡᠶ ᠪᠦᠳᠦᠭᠦᠨ ᠬᠠᠳᠤᠭᠤᠨ ᠪᠠᠶ᠎ᠠ ᠲᠡᠶ ᠢᠳᠠᠷ ᠡᠷ᠎ᠡ ᠶᠢ ᠬᠠᠷᠠᠭᠰᠠᠨ ᠭᠡᠳᠦᠭᠦᠯᠡ ᠭᠡᠰᠡᠭ᠌ ᠵᠠᠭᠤᠷ᠎ᠠ ᠨᠢᠳᠤ ᠨᠢ ᠪᠦᠯᠳᠦᠯᠵᠡᠨ ᠶᠠᠷᠢᠬᠤ ᠶᠠᠭᠤᠮ᠎ᠠ ᠣᠯᠤᠯ ᠦᠭᠡᠶ ᠳᠦᠭ᠍ᠳᠡᠷᠡᠭ᠍ᠰᠡᠨ ᠶᠢᠡᠨ ᠡᠴᠡᠩᠭᠡᠢ ᠦᠨᠳᠦᠷ ᠨᠢ ᠵᠠᠯᠢᠷᠬᠠᠭ ᠨᠢᠳᠤ ᠪᠠᠷ ᠦᠨᠢᠷᠪᠠᠳᠤ ᠶᠢ ᠣᠷᠤᠢ ᠡᠴᠡ ᠨᠢ ᠣᠯᠠ ᠳ᠋ᠤᠨᠢ ᠳᠤᠯᠳᠠᠯ᠎ᠠ ᠰᠢᠠᠵᠢᠵᠤ᠄ 《ᠴᠢᠮᠢ᠋ᠢ ᠠᠭᠤᠯᠠᠨ ᠬᠠᠷᠠᠭᠤᠯ ᠭᠡᠵᠤ ᠪᠢᠳᠠ ᠶᠠᠭᠠᠭᠢᠵᠤ ᠢᠳᠡᠭᠡᠭᠦ ᠶᠤᠮ᠃ ᠭᠡᠷᠡᠴᠢ ᠪᠠᠨ ᠭᠠᠷᠭᠠᠵᠤ ᠥᠵᠡᠭᠦᠯ ᠳ᠋ᠠ》 ᠭᠡᠵᠤ ᠮᠡᠭᠡᠳᠡᠢ᠌ᠭᠡᠨ ᠦᠴᠢᠪᠠ᠃ ᠭᠡᠷᠡᠴᠢ ᠭᠡᠭᠦᠯᠡᠷ ᠦᠨᠢᠷᠪᠠᠳᠤ ᠶᠢᠨ ᠠᠮᠠ ᠬᠠᠭᠠᠭᠳᠠᠪᠠ᠃ ᠦᠷᠯᠦᠭᠡ ᠶᠠᠭᠠᠷᠠᠬᠤ ᠳᠤ ᠪᠠᠨ ᠭᠡᠷᠡᠴᠢ ᠪᠠᠨ ᠮᠠᠷᠳᠠᠴᠢᠬᠠᠭᠰᠠᠨ ᠪᠠᠢ᠌ᠯ᠎ᠠ᠃ ᠦᠨᠢᠷᠪᠠᠳᠤ ᠶᠢ ᠳᠦᠭ᠍ᠳᠡᠷᠡᠨ  ᠵᠤᠭᠰᠤᠬᠤ ᠬᠤᠭᠤᠷᠤᠠᠳᠤ ᠦᠨᠦ ᠭᠡᠳᠦᠭᠦᠯᠡ ᠬᠠᠳᠠᠭᠠᠨᠠᠨ ᠢᠨᠢᠶᠡᠯᠴᠡᠭ᠍ᠰᠡᠭᠡᠷ ᠳᠡᠷᠭᠡᠨ ᠳᠤ ᠪᠠᠨ ᠣᠷᠤᠵᠠᠭᠠᠵᠤ ᠴᠠᠰᠤ ᠪᠣᠳᠠᠷᠠᠭᠤᠯᠤᠨ ᠣᠤᠠᠪᠠ᠃

ᠢᠳᠠᠭᠤ ᠠᠯᠠᠭᠰᠠᠨ ᠭᠡᠳᠦᠭᠦᠯᠡ ᠶᠢ ᠳᠤᠷᠭᠤᠭᠠᠵᠤ ᠴᠢᠳᠠᠭᠰᠠᠨ ᠦᠭᠡᠶ ᠴᠤ ᠪᠣᠭᠤ ᠶᠢᠨ ᠰᠦᠷᠦᠭ᠌ ᠢ ᠰᠡᠷᠡᠭ᠍ᠳᠡᠭᠦᠯᠦᠭ᠍ᠰᠡᠨ ᠦᠭᠡᠶ ᠪᠣᠯᠬᠤᠷ ᠦᠨᠢᠷᠪᠠᠳᠤ ᠶᠢᠨ ᠳᠤᠳᠤᠷ᠎ᠠ ᠵᠢᠭᠠᠬᠠᠨ ᠠᠭᠤᠵᠢᠷᠠᠵᠤ ᠳᠡᠷᠭᠡᠨ ᠤ ᠬᠣᠢ᠌ᠨ᠎ᠠ ᠡᠴᠡ ᠬᠤᠷᠤᠰᠤᠯᠳᠠᠢ᠌ᠬᠠᠨ ᠰᠢᠷᠳᠡᠭ᠍ᠰᠡᠭᠡᠷ ᠴᠠᠰᠤᠨ ᠳᠡᠭᠡᠷ᠎ᠡ ᠰᠢᠭᠤᠳ ᠵᠠᠪᠠᠯᠠᠨ ᠰᠠᠭᠤᠵᠤ ᠲ᠋ᠠᠮᠠᠭᠢᠯᠠᠪᠠ᠃ ᠭᠦᠮᠤᠨ ᠤ ᠰᠢᠨᠤᠯ ᠶᠡᠭᠡᠳᠴᠤ ᠠᠩ ᠠᠮᠢᠳᠠᠨ ᠬᠤᠪᠣᠷᠳᠠᠭᠰᠠᠨ ᠣᠳᠤ ᠴᠠᠭ ᠰᠦᠷᠦᠭ᠌ ᠪᠣᠭᠤ ᠢᠯᠠᠷᠠᠩᠰᠠᠨ ᠢ ᠮᠡᠳᠡᠭ᠍ᠰᠡᠭᠡᠷ ᠶᠠᠮᠠᠷ ᠣᠴᠢᠷ ᠡᠭᠦᠰᠭᠦ ᠶᠢ ᠳᠤᠳᠤ ᠮᠠᠳᠠᠵᠤ ᠪᠠᠢ᠌ᠪᠠᠴᠤ ᠰᠠᠶ‍ᠢ ᠶᠢᠨ ᠣᠴᠠᠷᠠᠯ ᠨᠢ ᠶᠠᠭᠠᠭᠢᠵᠤ ᠭᠢᠭᠦ ᠶᠢ ᠨᠢ ᠣᠯ ᠶᠠᠳᠠᠭᠤᠯᠵᠤ ᠪᠠᠢ᠌ᠯ᠎ᠠ᠃

ᠪᠣᠳᠤᠯ ᠳᠠᠭᠠᠨ ᠪᠣᠯᠵᠤ ᠨᠠᠷᠠ ᠵᠢᠷᠭᠠᠬᠤ ᠰᠢᠬᠠᠳᠠᠯ᠎ᠠ ᠰᠠᠭᠤᠭᠰᠠᠨ ᠦᠨᠢᠷᠪᠠᠳᠤ ᠴᠢᠯᠡᠭ᠍ᠰᠡᠨ ᠭᠦᠯ ᠶᠢᠡᠨ ᠵᠢᠭᠢᠯᠭᠡᠨ ᠪᠣᠰᠴᠤ ᠮᠠᠨᠠᠨ ᠳᠠᠳᠠᠳᠠᠯ᠎ᠠ ᠭᠠᠩᠰᠡᠷᠡᠨ ᠰᠡᠭᠦᠷᠡᠰᠦᠯᠡᠪᠡ᠃ ᠨᠠᠷᠠᠨ᠂ ᠣᠷᠴᠢᠯᠠᠩ ᠤᠨ ᠳᠤᠭᠤᠰᠤᠨ ᠳᠤ ᠊ᠭ᠍‍ᠬᠢᠷᠳᠦᠭ᠍ᠰᠡᠨ  ᠭᠦᠷᠡᠩ ᠨᠢᠭᠤᠷ ᠶᠢᠡᠨ ᠱᠤᠩᠬᠤᠷ ᠤᠨ ᠬᠠᠳᠠᠨ ᠤ ᠴᠠᠭᠠᠨ᠎ᠠ ᠡᠴᠡ ᠬᠠᠭᠠᠰ ᠴᠤᠬᠣᠢ᠌ᠯᠭᠠᠨ ᠦᠨᠢᠷᠪᠠᠳᠤ ᠶᠢ ᠡᠯᠡᠭᠯᠡᠭᠦ ᠴᠤ ᠰᠢᠭ ᠳᠡᠭᠦᠨ ᠤ ᠲᠦᠯᠦᠭᠡ ᠰᠠᠨᠠᠭᠠᠰᠢᠷᠠᠵᠤ ᠴᠤ ᠮᠠᠳᠤ ᠨᠠᠮᠠᠯᠵᠠᠨ᠎ᠠ᠃ ᠨᠠᠭᠠᠨ᠎ᠠ ᠨᠢ ᠰᠦᠷᠦᠭ᠌ ᠪᠣᠭᠤ ᠭᠢᠷ᠎ᠠ ᠦᠭᠰᠦᠨ ᠠᠮᠤᠭᠤᠯᠠᠩ ᠴᠤᠪᠣᠵᠤ ᠪᠠᠢ᠌ᠪᠠ᠃

ᠦᠨᠢᠷᠪᠠᠳᠤ ᠭᠡᠨᠡᠳᠲᠡ ᠭᠦᠭᠡᠷᠡᠨ ᠣᠨᠢᠶᠠᠷᠳᠤᠬᠤ ᠶᠡᠭᠡ ᠬᠠᠨ ᠤ ᠥᠭᠡᠳᠡ ᠬᠠᠠᠳᠤᠨ ᠨᠠᠮᠠᠠᠴᠢᠯᠠᠨ ᠮᠦᠷᠭᠦᠪᠡ᠃ ᠭᠦᠢ ᠶᠢ ᠮᠢᠨᠢ ᠳᠠᠷᠤᠭᠰᠠᠨ ᠶᠡᠭᠡ ᠬᠠᠨ ᠤ ᠴᠢᠯᠠᠭᠤᠳ ᠮᠢᠨᠢ ᠢᠪᠠᠭᠡ ︕ ᠭᠦᠮᠤᠨ ᠤ ᠬᠤᠷᠸ᠎ᠠ ᠳᠤ ᠣᠰᠤ ᠣᠤᠭᠤᠬᠤ ᠶᠢᠨ ᠵᠠᠶᠠᠭ᠎ᠠ ᠶᠢ ᠰᠤᠶᠤᠷᠬᠠᠭᠰᠠᠨ ᠬᠠᠨ ᠳᠡᠯᠡᠭᠡᠢ ᠮᠢᠨᠢ ᠳᠤᠯᠢᠯᠠ ︕ ᠭᠡᠮᠡᠨ ᠬᠠᠨᠢ ᠪᠠᠨ ᠠᠯᠳᠠᠭᠰᠠᠨ ᠠᠵᠢᠷᠭᠠᠨ ᠴᠢᠨ᠋ᠸ᠎ᠠ ᠮᠠᠳᠤ ᠠᠷᠠᠩᠭ᠋ᠠᠯᠠᠨ ᠬᠠᠰᠭᠢᠴᠢᠪᠠ᠃ ᠰᠤᠭᠤᠳᠤ ᠶᠢᠨ ᠵᠢᠯᠠᠭ᠎ᠠ ᠳᠤ ᠦᠨᠢᠷᠪᠠᠳᠤ ᠶᠢᠨ ᠣᠶᠠᠷᠠᠭᠤᠨ ᠠᠳᠠᠯ᠎ᠠ ᠪᠠᠨ ᠰᠢ᠌ᠳᠮᠡᠭ᠌ ᠬᠠᠰᠭᠢᠷᠤᠯ ᠪᠣᠴᠠᠨ ᠪᠣᠴᠠᠨ ᠴᠤᠤᠷᠢᠶᠠᠯᠠᠵᠤ ᠪᠠᠢ᠌ᠪᠠ᠃

ᠦᠨᠢᠷᠪᠠᠳᠤ ᠭᠡᠷ ᠲᠤ ᠪᠠᠨ ᠬᠠᠷᠢᠭᠰᠠᠨ ᠤ ᠳᠠᠷᠠᠭ᠎ᠠ ᠠᠪᠳᠠᠷ᠎ᠠ ᠪᠠᠨ ᠠᠭᠤᠳᠠᠯᠵᠤ ᠨᠢᠭᠡᠨᠲᠡ ᠬᠤᠶᠠᠷ ᠦᠶ᠎ᠡ ᠳᠠᠷᠤᠭᠳᠠᠭᠰᠠᠨ ᠠᠪᠠ ᠶᠢᠨ ᠫᠣᠤ ᠪᠠᠨ ᠭᠠᠷᠭᠠᠵᠤ ᠭᠢᠯᠠᠢ᠌ᠳᠠᠯ᠎ᠠ ᠠᠷᠴᠢᠭᠠᠤᠨ ᠰᠤᠮᠤ ᠳᠠᠷᠤᠪᠠ᠃ ᠡ᠊ᠨᠳᠡ ᠪᠠᠰᠠ ᠨᠢᠭᠡᠨ ᠦᠨᠡᠨ ᠶᠤᠰᠤᠨ ᠤ ᠦᠯᠢᠭᠡᠷ ᠡᠭᠦᠰᠭᠦ ᠨᠢ ᠳᠠᠮᠵᠢᠭ ᠦᠭᠡᠶ ︕



ᠵᠤᠬᠢᠶᠠᠭᠴᠢ ᠶᠢᠨ ᠬᠠᠶ‍ᠢᠭ᠄ ᠲᠦᠰᠢᠶᠠᠳᠤ ᠶᠢᠨ ᠭᠦᠡᠳᠦᠯ


ᠵᠤᠬᠢᠶᠠᠭᠴᠢ᠄ ᠳᠠᠪᠬᠤᠷᠪᠠᠶᠠᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠥᠭᠥᠯᠡᠯᠭᠡ
ᠳᠠᠷᠤᠮ᠄ 9209
ᠴᠠᠭ᠄ 2010 ᠤᠨ ᠤ 07 ᠰᠠᠷ᠎ᠠ ᠶᠢᠨ 17
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ