☆ ᠳ᠋·ᠨᠠᠮᠵᠠᠪ
ᠰᠢᠨ᠎ᠡ ᠵᠢᠯ ᠲᠡᠶ ᠪᠠᠨ ᠪᠢ
ᠰᠠᠢ᠌ᠨ ᠨᠠᠢ᠌ᠵᠢ ᠶᠢᠨ ᠶᠢᠡᠨ ᠡᠷᠭᠢᠯᠡᠭ᠍ᠰᠡᠨ
ᠰᠢᠨ᠎ᠡ ᠵᠢᠯ ᠤᠨ ᠴᠠᠢ᠌ᠯᠠᠯᠭ᠎ᠠ ᠳᠡᠭᠡᠷ᠎ᠡ
ᠰᠢᠨ᠎ᠡ ᠵᠢᠯ ᠲᠡᠶ ᠪᠠᠨ ᠪᠢ ᠴᠢᠨᠢ
ᠰᠢᠨ᠎ᠡ ᠣᠯᠵᠠ ᠲᠡᠶ ᠵᠤᠯᠭᠠᠯ᠎ᠠ ︕
ᠵᠤᠯᠭᠠᠯᠳᠠ ᠶᠢᠨ ᠦᠯᠵᠡᠢ᠌ᠳᠤ ᠨᠠᠢ᠌ᠷ ᠲᠤ ᠴᠢᠨᠢ
ᠵᠤᠯᠠ ᠠᠰᠠᠭᠠᠭᠰᠠᠨ ᠳᠠᠭᠢᠯ ᠲᠡᠶ ᠪᠠᠢ᠌ᠨ᠎ᠠ᠂
ᠵᠣᠢ᠌ᠷᠠᠢ ᠵᠣᠢ᠌ᠷᠠᠢ ᠪᠠᠷ ᠬᠤᠷᠠᠭᠰᠠᠨ
ᠵᠢᠷᠦᠭᠡᠨ ᠤ ᠰᠠᠢ᠌ᠬᠠᠨ ᠬᠤᠤᠰ ᠨᠡᠷ ᠲᠡᠶ ᠪᠠᠢ᠌ᠨ᠎ᠠ᠃
ᠰᠠᠳᠤᠨ ᠳᠦᠷᠤᠯ ᠰᠢᠭ᠌ ᠡᠭᠦᠷ ᠤᠳ ᠲᠡᠶ ᠪᠠᠨ
ᠰᠢᠷᠡᠭᠡ ᠳᠦᠭᠦᠷᠡᠨ ᠰᠠᠭᠤᠯ᠎ᠠ ᠪᠢ᠃
ᠰᠠᠷᠬᠤᠤᠨ ᠤᠨ ᠠᠷᠢᠭᠤᠨ ᠳᠡᠭᠡᠵᠢ ᠳ᠋ᠤᠨᠢ
ᠰᠠᠢ᠌ᠬᠠᠨ ᠢᠷᠦᠭᠡᠯ ᠪᠠᠨ ᠳᠠᠯᠪᠢᠯ᠎ᠠ ᠪᠢ᠂
ᠰᠢᠭᠢᠷ ᠪᠣᠷᠠᠮ ᠡᠴᠠ ᠨᠢ ᠰᠢᠭᠦᠷᠡᠭᠡᠳ
ᠰᠢᠮᠠᠵᠤ ᠭᠦᠯᠭᠦᠭᠡᠳ ᠪᠠᠶᠠᠰᠤᠯ᠎ᠠ ᠪᠢ᠃
ᠣᠯᠠᠨ ᠨᠤᠭᠤᠭ᠎ᠠ ᠵᠢᠮᠢᠰ ᠡᠴᠡ ᠨᠢ
ᠠᠮᠳᠠᠯᠠᠨ ᠢᠳᠠᠵᠤ ᠭᠦᠭᠡᠷᠡᠯᠡ ᠪᠢ᠃
ᠵᠡᠷᠭᠡᠯᠡᠭᠡᠳ ᠰᠠᠭᠤᠭᠰᠠᠨ ᠨᠠᠢ᠌ᠵᠢ ᠡᠴᠡ ᠪᠠᠨ
ᠵᠠᠬ᠎ᠠ ᠶᠢᠨ ᠰᠤᠷᠠᠭ ᠰᠤᠨᠤᠰᠤᠯ᠎ᠠ ᠪᠢ᠂
ᠵᠠᠮᠪᠠ ᠠᠬ᠎ᠠ ᠭᠦᠮᠦᠰ ᠤᠨ
ᠵᠢᠮᠢᠰ ᠤᠨ ᠬᠤᠳᠠᠯᠳᠤᠭ᠎ᠠ ᠶᠢ ᠦᠪᠣᠷᠢᠯᠠ ᠪᠢ᠃
ᠮᠢᠬᠠᠨ ᠤ ᠦᠷᠳᠡᠭ᠌ ᠡᠳᠦᠢ ᠭᠡᠳ
ᠮᠠᠷᠭᠤᠵᠤ ᠪᠠᠰᠠ ᠳᠤᠭᠢᠯ᠎ᠠ ᠪᠢ᠂
ᠮᠠᠯ ᠳᠡᠵᠢᠭᠡᠪᠠᠯ ᠪᠠᠶᠠᠵᠢᠨ᠎ᠠ ᠭᠡᠳ
ᠮᠠᠭᠰᠠᠷ ᠶᠢᠡᠷ ᠵᠢᠱᠢᠶ᠎ᠠ ᠪᠣᠯᠭᠠᠯ᠎ᠠ ᠪᠢ᠃
ᠬᠤᠭᠤᠯᠠᠨ ᠭᠡᠷ ᠡᠷᠭᠢᠯ᠎ᠡ ᠭᠡᠳ
ᠬᠤᠮᠪᠠ ᠲᠡᠶ ᠪᠣᠰᠤᠭᠠᠤᠨ ᠰᠡᠴᠡᠷᠭᠡᠯᠡ ᠪᠢ᠂
ᠬᠤᠯᠠ ᠶᠠᠪᠣᠬᠤᠯ᠎ᠠ ᠣᠬᠠᠭᠠᠵᠢᠨᠠ ᠭᠡᠳ
ᠬᠤᠩᠭ᠋ᠤᠷ ᠳᠠᠳᠠᠨ ᠲᠡᠶ ᠵᠤᠭᠤᠭᠳᠠᠯ᠎ᠠ ᠪᠢ᠃
ᠠᠷᠢᠭᠢ ᠶᠢ ᠴᠡᠭᠡᠷᠯᠡᠭᠦᠯᠡ ᠰᠠᠢ᠌ᠨ ᠭᠡᠳ
ᠠᠷᠪᠣᠭ ᠤᠨ ᠬᠠᠵᠠᠭᠤ ᠡᠴᠡ ᠳᠠᠷᠨᠢᠳᠠᠯᠠ ᠪᠢ᠂
ᠠᠯᠵᠠᠭᠤ ᠪᠠᠨ ᠵᠠᠰᠠᠪᠠᠯ ᠪᠣᠯᠤᠨ᠎ᠠ ᠭᠡᠳ
ᠠᠷᠤᠪᠵᠤᠷ ᠲᠤ ᠳᠠᠮᠠᠭᠢ ᠣᠮᠤᠯᠭᠠᠯᠠ ᠪᠢ᠃
ᠬᠤᠳᠠ ᠶᠢᠨ ᠭᠦᠮᠦᠰ ᠮᠦᠩᠭᠦ ᠳᠡᠢ ᠭᠡᠳ
ᠭᠤᠠᠴᠤᠭ ᠤᠨ ᠶᠠᠷᠢᠬᠤ ᠶᠢ ᠰᠤᠨᠤᠰᠤᠯ᠎ᠠ ᠪᠢ᠂
ᠬᠤᠨᠢᠴᠢᠨ ᠳᠠᠳᠠᠨ ᠡᠴᠠ ᠳᠠᠪᠠᠨ᠎ᠠ ᠭᠡᠳ
ᠭᠦᠷᠤ ᠴᠢᠩᠭ᠋ᠠᠷᠠᠬᠤ ᠶᠢ ᠠᠩᠬᠠᠷᠤᠯ᠎ᠠ ᠪᠢ᠃
ᠬᠤᠷᠢᠮ ᠤᠨ ᠳᠦᠷᠤᠯ ᠠᠷᠪᠢᠳᠠᠯᠠ ᠭᠡᠳ
ᠬᠠᠰ ᠲᠡᠶ ᠥᠭᠡ ᠵᠤᠭᠢᠯᠳᠠᠯᠠ ᠪᠢ᠂
ᠣᠷᠤᠭᠤ ᠡᠴᠠ ᠭᠠᠷᠤᠭᠤ ᠮᠠᠨᠢ ᠶᠡᠭᠡᠳᠡᠪᠡ ᠭᠡᠳ
ᠣᠷᠤᠯᠠᠢ ᠲᠡᠶ ᠬᠤᠠᠳᠠᠭ᠎ᠠ ᠭᠦᠡᠳᠦᠷᠡᠯᠡ ᠪᠢ᠃
ᠰᠢᠡᠵᠢᠯᠡᠭᠦ ᠣᠬᠠᠭᠠᠨ ᠢ ᠭᠦᠡᠳᠦᠯᠡᠶᠡ ᠭᠡᠳ
ᠰᠠᠮᠪᠣᠤ ᠳᠤ ᠰᠠᠨᠠᠭ᠎ᠠ ᠪᠣᠯᠤᠯ᠎ᠠ ᠪᠢ᠂
ᠰᠠᠢ᠌ᠬᠠᠨ ᠠᠮᠢᠳᠤᠷᠠᠬᠤ ᠳᠤ ᠠᠷᠭ᠎ᠠ ᠭᠡᠳ
ᠰᠠᠭᠪᠠ ᠲᠡᠶ ᠭᠦᠮᠦᠰᠭᠡ ᠭᠦᠳᠡᠯᠭᠡᠯᠡ ᠪᠢ᠃
ᠳᠤᠮᠳᠠ ᠨᠢ ᠢᠩᠭᠢᠭᠡᠳ ᠪᠢ
ᠳᠠᠪᠠᠭᠤ ᠶᠠᠭᠤᠮ᠎ᠠ ᠣᠢ᠌ᠯᠭᠠᠯ᠎ᠠ ︕
ᠳᠠᠸᠠ ᠪᠠᠭᠰᠢ ᠲᠡᠶ ᠬᠤᠶᠠᠭᠤᠯᠠᠨ
ᠳᠠᠳᠠᠨ ᠤ ᠭᠡᠯᠡᠭᠦ ᠶᠢ ᠵᠥᠪᠳᠡᠭᠡᠯᠡ ᠪᠢ ︕
ᠪᠣᠳᠤᠯ ᠳᠠᠭᠠᠨ ᠰᠠᠳᠠᠪᠠᠷᠢ ᠠᠪᠬᠤᠯᠠ
ᠪᠣᠰᠤᠭ᠎ᠠ ᠭᠦᠰᠡᠯ ᠳᠤᠶᠠᠭᠠᠷᠨᠠᠮ᠂
ᠪᠣᠷᠤᠭᠤ ᠦᠭᠡᠶ ᠣᠮᠤᠭᠯᠢᠭ ᠶᠠᠪᠣᠬᠤᠯ᠎ᠠ
ᠪᠦᠳᠦᠷᠢᠯ ᠤᠨ ᠪᠦᠯᠭᠢ ᠳᠠᠰᠤᠷᠠᠨᠠᠮ ︕
ᠰᠦᠯᠳᠡ ᠡᠷᠭᠦᠭ᠍ᠰᠡᠨ ᠢᠳᠡᠭᠡᠯ
ᠰᠠᠢ᠌ᠬᠠᠨ ᠳᠠᠭᠤᠨ ᠳᠤ ᠮᠠᠨᠢ ᠠᠭᠤᠰᠤᠨᠠᠮ᠂
ᠰᠤᠭᠳᠤᠭᠤ ᠳᠠᠢ᠌ᠪᠢᠯᠠᠬᠤ ᠦᠭᠡᠶ ᠨᠠᠢ᠌ᠳᠠᠯ
ᠰᠤᠶᠤᠯ ᠰᠢᠳᠦᠯᠭᠡ ᠳᠤ ᠮᠠᠨᠢ ᠮᠥᠩᠭᠡᠷᠡᠨᠡᠮ ︕
ᠰᠢᠨ᠎ᠡ ᠶᠢᠨ ᠴᠠᠢ᠌ᠯᠠᠯᠭ᠎ᠠ ᠳᠡᠭᠡᠷ᠎ᠡ ᠢᠩᠭᠢᠵᠤ
ᠰᠢᠨ᠎ᠡ ᠦᠵᠡᠯ ᠶᠢᠠᠨ ᠬᠠᠢ᠌ᠯᠠ ᠪᠢ︕
ᠰᠢᠨ᠎ᠡ ᠶᠢ ᠡᠭᠦᠳᠭᠦ ᠭᠦᠰᠡᠯ ᠶᠢᠡᠷ
ᠰᠢᠨ᠎ᠡ ᠵᠢᠯ ᠲᠡᠶ ᠪᠠᠨ ᠵᠤᠯᠭᠠᠯ᠎ᠠ ᠪᠢ ︕
ᠵᠤᠬᠢᠶᠠᠭᠴᠢ ᠶᠢᠨ ᠬᠠᠶᠢᠭ ᠄ ᠰᠢᠠᠵᠢᠶᠠᠩ ᠤᠨ ᠬᠤᠪᠣᠭᠰᠠᠢ᠌ᠷᠢ
ᠵᠤᠬᠢᠶᠠᠭᠴᠢ᠄ ᠳ᠋·ᠨᠠᠮᠵᠠᠪ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2763
ᠴᠠᠭ᠄ 2011 ᠤᠨ ᠤ 01 ᠰᠠᠷ᠎ᠠ ᠶᠢᠨ 18
ᠨᠠᠢ᠌ᠷᠠᠭᠤᠯᠤᠭᠴᠢ᠄ ᠪᠦᠬᠡᠡᠷᠳᠡᠨᠢ