☆ ᠨᠠᠮᠵᠢᠯ ᠤᠨ ᠮᠥᠩᠭᠡᠪᠠᠶᠡᠷ
ᠭᠡᠯᠡᠭᠦ ᠭᠡᠯᠡᠭᠦ ᠦᠭᠡᠶ ᠶᠢᠨ ᠵᠠᠢ
ᠥᠭᠡ ᠭᠡᠳᠡᠭ᠌ ᠢ ᠭᠡᠨ ᠴᠤ ᠭᠡᠤᠨ ᠮᠠᠳᠠᠨ᠎ᠠ
ᠣᠢ ᠥᠩᠭᠡᠷᠡᠭ᠍ᠰᠡᠨ ᠪᠠᠯᠴᠢᠷ ᠴᠤ ᠭᠡᠯᠡᠵᠤ ᠴᠢᠳᠠᠨ᠎ᠠ
ᠥᠭᠡᠨ ᠳᠤ ᠣᠯᠠᠨ ᠣᠤᠠᠬ᠎ᠠ ᠪᠠᠭᠳᠠᠳᠠᠭ ᠪᠣᠯᠬᠤᠷ
ᠥᠭᠡᠷ ᠬᠠᠷᠢᠭᠤᠯᠬᠤ ᠰᠢᠭ ᠳᠤᠷ᠎ᠠ ᠪᠠᠷ ᠨᠢ ᠳᠠᠯᠪᠢᠵᠤ ᠪᠣᠯᠳᠠᠭ ᠦᠭᠡᠶ ᠶᠤᠮ︕
ᠥᠭᠡᠨ ᠳᠤ
ᠰᠠᠢ᠌ᠬᠠᠨ ᠴᠤ ᠪᠣᠢ᠂ ᠮᠠᠭᠤᠬᠠᠢ ᠴᠤ ᠪᠣᠢ
ᠬᠠᠷᠢᠶᠠᠯ ᠴᠤ ᠪᠣᠢ᠂ ᠮᠠᠭᠳᠠᠭᠠᠯ ᠴᠤ ᠪᠣᠢ
ᠭᠡᠭᠦ ᠳᠤ ᠪᠠᠨ
ᠥᠭᠡ ᠴᠢᠨᠢ ᠭᠦᠮᠤᠨ ᠤ ᠰᠤᠨᠤᠷ ᠲᠤ ᠬᠤᠷᠢᠶᠠᠭᠳᠠᠪᠠᠯ ᠰᠠᠶᠢ
ᠵᠢᠩᠭᠢᠨᠢ ᠴᠤᠤᠷᠢᠶ᠎ᠠ ᠪᠣᠯᠵᠤ
ᠥᠷᠦᠭᠡᠯ ᠤᠨ ᠠᠩᠬᠠᠷᠤᠯ ᠢ ᠳᠠᠳᠠᠳᠠᠭ ᠶᠤᠮ︕
ᠥᠭᠡᠢ ᠪᠣᠯ ᠶᠤᠰᠤᠳᠠᠢ
ᠥᠭᠡᠷ ᠤᠨ ᠪᠠᠭᠠᠰᠤᠨ ᠳᠤ ᠪᠠᠭᠤᠭᠰᠠᠨ ᠪᠠᠮᠪᠣ ᠬᠤᠷᠤᠬᠠᠢ ᠰᠢᠭ
ᠵᠥᠭ᠌ ᠵᠥᠭ᠌ ᠲᠤ ᠪᠠᠨ ᠨᠢᠰᠤᠨ ᠣᠤᠠᠴᠤ
ᠦᠨᠡᠨ ᠣᠤᠠᠬ᠎ᠠ ᠪᠠᠨ ᠠᠯᠳᠠᠨ᠎ᠠ ᠳ᠋ᠠ︕
ᠵᠠᠯᠠᠭᠤ ᠨᠠᠰᠤᠨ ᠳᠤ ᠠᠯᠳᠠᠭ᠎ᠠ ᠣᠯᠠᠨ ᠪᠣᠯᠪᠠᠴᠤ
ᠵᠠᠪᠢᠵᠢ ᠪᠠᠨ ᠴᠢᠩᠭ᠋ᠠᠯᠠᠵᠤ ᠶᠠᠪᠣᠪᠠᠯ ᠪᠠᠰᠠ ᠣᠯᠤᠯᠳᠠ ᠶᠤᠮ ᠰᠢᠤ
ᠵᠠᠪᠠᠯ ᠮᠢᠨᠤ ᠵᠦᠪ ᠭᠡᠵᠤ ᠣᠩᠭ᠋ᠤᠷᠴᠤ ᠰᠡ᠊ᠨᠳᠡᠭᠡᠨᠡᠵᠤ ᠭᠦᠶᠦᠪᠠᠯ
ᠵᠠᠯᠠᠭᠤ ᠨᠠᠰᠤ ᠪᠠᠨ ᠶᠤᠰᠤᠳᠠᠢ ᠳᠠᠯᠭᠢᠳᠠᠬᠤ ᠨᠢ ᠳᠠᠷᠠ︕
ᠭᠡᠷᠰᠡᠤ ᠰᠠᠭᠤᠵᠤ ᠳᠤᠮᠤᠭ᠎ᠠ ᠳᠤᠭᠳᠠᠯ᠎ᠠ ᠭᠡᠤᠨ ᠴᠤ
ᠭᠡᠯᠡᠭᠦ ᠥᠭᠡ ᠪᠠᠨ ᠳᠤᠩᠭ᠋ᠠᠵᠤ ᠴᠢᠩᠨᠠᠪᠠᠯ ᠳᠠᠷᠠ ᠴᠢᠨᠤ ᠣᠬᠠᠭᠠᠨ
ᠭᠦᠭ᠍ᠰᠢᠨ ᠵᠠᠯᠠᠭᠤ ᠪᠦᠭᠦᠨ ᠢ ᠭᠦᠡᠳᠦᠯᠡᠵᠤ ᠪᠠᠭᠳᠠᠭᠠᠵᠤ ᠶᠠᠪᠣᠪᠠᠯ
ᠭᠦᠷᠴᠤ ᠣᠴᠢᠬᠤ ᠢᠷᠡᠭᠡᠳᠦᠢ ᠴᠢᠨᠢ ᠭᠡᠭᠡ ᠳᠤᠯᠠᠢ᠌ᠮ᠎ᠠ ᠪᠣᠯᠬᠤ ᠶᠤᠮ︕
ᠥᠭᠡ ᠭᠡᠳᠡᠭ᠌ ᠢ ᠭᠡᠨ ᠴᠤ ᠭᠡᠤᠨ ᠮᠠᠳᠠᠨ᠎ᠠ
ᠣᠢ ᠥᠩᠭᠡᠷᠡᠭ᠍ᠰᠡᠨ ᠪᠠᠯᠴᠢᠷ ᠴᠤ ᠭᠡᠯᠡᠵᠤ ᠴᠢᠳᠠᠨ᠎ᠠ
ᠥᠭᠡᠨ ᠳᠤ ᠣᠯᠠᠨ ᠣᠤᠠᠬ᠎ᠠ ᠪᠠᠭᠳᠠᠳᠠᠭ ᠪᠣᠯᠬᠤᠷ
ᠥᠭᠡᠷ ᠬᠠᠷᠢᠭᠤᠯᠬᠤ ᠰᠢᠭ ᠳᠤᠷ᠎ᠠ ᠪᠠᠷ ᠨᠢ ᠳᠠᠯᠪᠢᠵᠤ ᠪᠣᠯᠳᠠᠭ ᠦᠭᠡᠶ ᠶᠤᠮ︕
ᠦᠪᠣᠷ ᠮᠤᠩᠭ᠋ᠤᠯ ᠤᠨ ᠰᠤᠷᠭᠠᠨ ᠭᠦᠮᠦᠵᠢᠯ ᠤᠨ ᠭᠡᠪᠯᠡᠯ ᠤᠨ ᠬᠤᠷᠢᠶ᠎ᠠ
ᠵᠤᠬᠢᠶᠠᠭᠴᠢ᠄ ᠨᠠᠮᠵᠢᠯ ᠤᠨ ᠮᠥᠩᠭᠡᠪᠠᠶᠡᠷ
ᠢᠷᠡᠯᠲᠡ᠄ ᠰᠠᠮᠪᠠᠷ᠎ᠠ ᠡᠴᠡ ᠰᠢᠯᠢᠪᠠ
ᠬᠠᠷᠢᠶ᠎ᠠ᠄
ᠰᠢᠯᠦᠭᠳᠠᠷᠤᠮ᠄ 4725
ᠴᠠᠭ᠄ 2007 ᠤᠨ ᠤ 04 ᠰᠠᠷ᠎ᠠ ᠶᠢᠨ 13
ᠨᠠᠢ᠌ᠷᠠᠭᠤᠯᠤᠭᠴᠢ᠄ ᠪᠦᠬᠡᠡᠷᠳᠡᠨᠢ