☆ ᠱᠠ᠊·ᠬᠠᠳᠠᠪᠴᠢ
ᠤᠮᠠᠷ᠎ᠠ ᠳᠡᠭ᠍ᠷᠢ ᠶᠢᠨ ᠪᠦᠷᠭᠦᠤᠨ
ᠡᠯᠢᠭᠡᠨ ᠭᠦᠷᠡᠩ ᠬᠠᠳᠠᠨ ᠳᠡᠭᠡᠷ᠎ᠡ
ᠡᠪᠦᠭᠡᠨ ᠪᠦᠷᠭᠦᠤᠨ ᠦᠳᠦ ᠪᠠᠨ ᠵᠠᠰᠠᠵᠤ ᠰᠠᠭᠤᠨ᠎ᠠ
ᠡᠭᠦᠯᠡᠰ ᠤᠨ ᠰᠠᠯᠭᠢᠨ ᠬᠤᠤᠭᠢᠨ ᠱᠤᠤᠭᠢᠪᠠᠴᠤ
ᠥᠩᠭᠡᠢ᠌ᠭ᠍ᠰᠡᠨ ᠬᠠᠳᠠᠨ ᠳᠠᠭᠠᠨ ᠦᠨᠳᠦᠰᠦ ᠲᠡᠶ ᠶᠤᠮᠰᠢᠭ ᠭᠦᠳᠡᠯᠭᠦ ᠦᠭᠡᠶ ᠰᠠᠭᠤᠨ᠎ᠠ
ᠭᠡᠨᠡᠳᠲᠡ ᠳᠡᠭᠡᠭᠡᠤᠨ ᠴᠣᠢ᠌ᠯᠠᠨ ᠪᠣᠰᠬᠤ ᠳ᠋ᠤᠨᠢ
ᠭᠡᠮ ᠦᠭᠡᠶ᠂ ᠨᠢᠭᠡ ᠦᠳᠦ ᠨᠢ ᠭᠠᠵᠠᠷ ᠥᠭᠡᠳᠡ ᠣᠨᠠᠪᠠ
ᠬᠠᠢ᠌ᠷᠠᠨ ᠳ᠋ᠡ︕ ᠭᠡᠵᠤ ᠬᠠᠵᠠᠭᠤ ᠡᠴᠡ ᠨᠢ ᠬᠠᠷᠠᠮᠰᠠᠬᠤ ᠶᠢᠨ ᠵᠠᠢ ᠳᠤ
ᠬᠠᠳᠠᠨ ᠤ ᠬᠠᠪᠴᠢᠯ ᠳ᠋ᠤ ᠰᠤᠮᠤᠳᠠᠨ ᠣᠷᠤᠪᠠ
ᠥᠰᠦᠭ᠍ᠰᠡᠨ ᠳᠦᠷᠦᠭ᠍ᠰᠡᠨ ᠠᠭᠤᠯᠠᠨ ᠤ ᠭᠢᠨᠢ
ᠦᠯ ᠪᠣᠭᠤᠷᠤᠯ ᠬᠠᠳᠠ ᠴᠢᠯᠠᠭᠤ ᠨᠢ
ᠥᠷᠦᠭᠡᠰᠤᠨ ᠦᠳᠦ ᠶᠢ ᠨᠢ
ᠥᠡᠳᠡᠭᠡ ᠶᠢ ᠨᠢ ᠰᠢᠭ᠌ ᠭᠦᠩᠭᠡᠭᠡᠨ ᠳᠤᠰᠪᠠ
ᠦᠯᠦ ᠣᠢ᠌ᠰᠬᠤ ᠡᠵᠡᠨ ᠬᠠᠢ᠌ᠷ᠎ᠠ ᠪᠠᠷ ᠡᠪᠦᠭᠡᠨ ᠪᠦᠷᠭᠦᠤᠨ
ᠦᠨᠳᠦᠷ ᠮᠠᠠᠳᠠᠯ ᠳᠤ ᠠᠭᠤᠯᠠᠨ ᠳᠤᠯᠤᠭᠠᠢ ᠪᠠᠨ ᠬᠠᠷᠠᠨ ᠳᠡᠭᠦᠯᠢᠨ᠎ᠡ
ᠰᠡᠭᠦᠳᠡᠷ ᠢ ᠨᠢ ᠭᠦᠷᠳᠡᠯ᠎ᠡ ᠰᠢᠩᠭᠡᠭᠡᠳᠡᠭ᠌ ᠬᠠᠳᠠᠨ ᠠᠭᠤᠯᠠᠨ ᠤ ᠪᠠᠨ
ᠰᠡᠭᠦᠯᠴᠢ ᠶᠢᠨ ᠪᠦᠷᠦᠢ ᠶᠢ ᠡᠪᠦᠭᠡᠨ ᠰᠢᠪᠠᠭᠤ ᠢᠩᠭᠢᠵᠤ ᠣᠭᠳᠤᠨ᠎ᠠ
ᠬᠠᠷᠢᠨ ᠳᠡᠭᠡᠭᠡᠤᠨ᠂ ᠬᠠᠨ ᠳᠡᠭ᠍ᠷᠢ ᠳᠡᠭᠡᠨ ᠳᠡᠭᠦᠯᠢᠨ ᠭᠠᠷᠴᠤ
ᠬᠠᠮᠤᠭ ᠰᠡᠭᠦᠯᠴᠢ ᠶᠢᠨ ᠦᠳᠦ ᠪᠠᠨ ᠰᠠᠴᠤᠵᠤ ᠳᠡᠭ᠍ᠷᠢ ᠳᠡᠭᠡᠨ ᠥᠭᠦᠭᠦ ᠭᠡᠵᠤ
ᠭᠢᠯᠪᠢᠭᠡᠨ ᠰᠢᠭ᠌ ᠱᠤᠤᠭᠢᠵᠤ᠂ ᠬᠠᠯᠢᠵᠤ ᠶᠠᠪᠣᠬᠤ ᠳᠠᠭᠠᠨ
ᠭᠡᠨᠡᠨ ᠳᠡᠭ᠍ᠷᠢ ᠳᠡᠭᠡᠨ ᠰᠢᠩᠭᠡᠨ ᠣᠳᠤᠭᠰᠠᠨ ᠢ
ᠭᠡᠷᠰᠡᠤ ᠦᠭᠡᠶ ᠭᠡᠨ ᠴᠤ ᠮᠡᠳᠡᠭᠦ ᠦᠭᠡᠶ᠂ ᠭᠡᠨ ᠴᠤ ᠮᠡᠳᠡᠭᠦ ᠦᠭᠡᠶ
ᠭᠡᠭᠡᠮᠰᠦᠭ᠌ ᠡᠷᠭᠢᠮᠰᠦᠭ᠌ ᠭᠠᠵᠠᠷ ᠣᠰᠤᠨ ᠯᠠ ᠮᠠᠳᠠᠨ᠎ᠠ
ᠭᠡᠭᠡᠮᠰᠦᠭ᠌ ᠡᠷᠭᠢᠮᠰᠦᠭ᠌ ᠭᠠᠵᠠᠷ ᠭᠠᠵᠠᠷ ᠣᠰᠤᠨ ᠯᠠ ᠮᠠᠳᠠᠨ᠎ᠠ ᠡ︕
ᠵᠤᠬᠢᠶᠠᠭᠴᠢ᠄ ᠱᠠ᠊·ᠬᠠᠳᠠᠪᠴᠢ
ᠢᠷᠡᠯᠲᠡ᠄ ᠱᠠ᠊·ᠬᠠᠳᠠᠪᠴᠢ
ᠬᠠᠷᠢᠶ᠎ᠠ᠄
ᠰᠢᠯᠦᠭᠳᠠᠷᠤᠮ᠄ 4583
ᠴᠠᠭ᠄ 2008 ᠤᠨ ᠤ 07 ᠰᠠᠷ᠎ᠠ ᠶᠢᠨ 18
ᠨᠠᠢ᠌ᠷᠠᠭᠤᠯᠤᠭᠴᠢ᠄ ᠪᠦᠬᠡᠡᠷᠳᠡᠨᠢ