ᠨᠡᠪᠲᠡᠷᠡᠨ ᠤᠷᠤᠬᠤ
ᠭᠡᠯᠡ ᠵᠥᠭ᠍ᠰᠢᠷᠡᠭᠦᠯᠭᠦ ᠥᠭᠡ

ᠠᠯᠠᠭ ᠥᠭᠡᠷ ᠠᠷᠤ ᠪᠠᠨ ᠳᠤᠯᠢᠶᠠᠨ᠎ᠠ

ᠠᠯᠠᠭ ᠳᠤᠭᠤᠯ ᠵᠠᠯ᠎ᠠ ᠪᠠᠨ ᠳᠤᠯᠢᠶᠠᠨ᠎ᠠ


ᠠᠯᠠᠭ ᠳᠠᠭ᠎ᠠ ᠳᠤᠩᠭ᠋ᠤᠷᠴᠠᠭᠯᠠᠷᠬᠠᠭ

ᠠᠷᠭᠠᠮᠵᠢᠶ᠎ᠠ ᠳᠡᠭᠡᠰᠤ ᠣᠷᠢᠶᠠᠯᠳᠤᠴᠢᠬᠠᠯᠠᠷᠬᠠᠭ


ᠠᠯᠠᠭᠴᠢ ᠥᠭᠡᠷ ᠠᠷᠤ ᠳᠠᠭᠠᠨ ᠡᠷᠭᠢᠵᠤ

ᠠᠷᠤ ᠪᠠᠨ ᠴᠤ ᠠᠷᠪᠠᠨ ᠭᠤᠷᠪᠠ ᠳᠤᠯᠢᠶᠠᠨ᠎ᠠ

ᠠᠯᠠ ᠪᠠᠨ ᠴᠤ ᠠᠷᠪᠠᠨ ᠭᠤᠷᠪᠠ ᠳᠤᠯᠢᠶᠠᠨ᠎ᠠ


ᠠᠯᠳᠠ ᠨᠢ ᠠᠯᠳᠠ

ᠠᠷᠭᠠᠯ ᠨᠢ ᠠᠷᠭᠠᠯ

ᠠᠯᠳᠠ ᠪᠠᠷ ᠠᠷᠭᠠᠯ ᠢ ᠰᠤᠯᠢᠨ᠎ᠠ ᠦᠦ︖

ᠠᠷᠭᠠᠯ ᠶᠢᠡᠷ ᠠᠯᠳᠠ ᠶᠢ ᠰᠤᠯᠢᠨ᠎ᠠ ᠦᠦ︖


ᠠᠶᠠᠭᠠᠨ ᠳᠤ ᠭᠢᠭ᠍ᠰᠡᠨ ᠠᠢ᠌ᠷᠠᠭ

ᠠᠢ᠌ᠷᠠᠭ ᠭᠢᠰᠠᠨ ᠠᠶᠠᠭ᠎ᠠ

ᠠᠷᠪᠠᠨ ᠳᠠᠪᠤᠨ ᠳᠠᠷᠭᠤᠨ ᠳᠠᠷᠯᠠᠨ

ᠬᠠᠷ᠎ᠠ ᠰᠠᠷᠯᠤᠭ ᠤᠨ ᠳᠠᠷᠠᠭ ᠢ

ᠳᠠᠷᠠᠭ ᠪᠢᠰᠢ ᠭᠡᠵᠤ ᠡᠰᠡ ᠣᠤᠭᠤᠭᠠᠤᠨ

ᠥᠭᠡᠷ᠎ᠡ ᠶᠠᠮᠠᠷ ᠠᠷᠪᠠᠨ ᠳᠠᠪᠤᠨ

ᠳᠠᠷᠭᠤᠨ ᠳᠠᠷᠯᠠᠨ ᠬᠠᠷ᠎ᠠ ᠰᠠᠷᠯᠤᠭ ᠤᠨ

ᠳᠠᠷᠠᠭ ᠢ ᠳᠠᠷᠠᠭ ᠮᠦᠨ ᠭᠡᠵᠤ ᠣᠤᠭᠤᠬᠤ ᠪᠣᠢ︖


ᠡᠢ᠌ᠮᠤ ᠰᠠᠢ᠌ᠬᠠᠨ ᠮᠤᠬᠤᠷ ᠮᠤᠨᠤᠭ

ᠳᠡᠨᠡᠭ᠌ ᠬᠤᠪᠠ ᠬᠠᠷ᠎ᠠ ᠭᠦᠭᠡ ᠣᠬᠤᠨ᠎ᠠ ᠶᠢ

ᠮᠤᠬᠤᠷ ᠮᠤᠨᠤᠭ

ᠳᠡᠨᠡᠭ᠌ ᠬᠤᠪᠠ ᠬᠠᠷ᠎ᠠ ᠭᠦᠭᠡ ᠤᠬᠤᠨ᠎ᠠ ᠪᠢᠰᠢ ᠭᠡᠳ

ᠥᠭᠡᠷ᠎ᠡ ᠶᠠᠮᠠᠷ ᠶᠠᠩᠵᠤ ᠶᠢᠨ

ᠮᠤᠬᠤᠷ ᠮᠤᠨᠤᠭ

ᠳᠡᠨᠡᠭ᠌ ᠬᠤᠪᠠ ᠬᠠᠷ᠎ᠠ ᠭᠦᠭᠡ ᠣᠬᠤᠨ᠎ᠠ ᠶᠢ᠌

ᠮᠤᠬᠤᠷ ᠮᠤᠨᠤᠭ

ᠳᠡᠨᠡᠭ᠌ ᠬᠤᠪᠠ ᠬᠠᠷ᠎ᠠ ᠭᠦᠭᠡ ᠣᠬᠤᠨ᠎ᠠ ᠭᠡᠭᠦ ᠪᠣᠢ︖


ᠡᠵᠢ ᠶᠢᠨ ᠢᠯᠠᠤᠷ ᠬᠠᠭᠠᠷᠢᠭᠤᠯ ᠪᠠᠷᠢᠭᠤᠯ ᠭᠤᠷᠪᠠ

ᠡᠭᠡᠴᠢ ᠶᠢᠨ ᠡᠭᠡᠷᠤᠯ ᠬᠠᠢ᠌ᠯᠤᠭᠤᠷ ᠪᠠᠯᠠᠯᠤᠭᠤᠷ ᠭᠤᠷᠪᠠ


ᠡᠷᠭᠢ ᠳᠡᠭᠡᠷ᠎ᠡ ᠡᠯᠢᠶ᠎ᠡ ᠭᠡᠷᠢᠶ᠎ᠡ ᠭᠠᠯᠠᠭᠤ ᠭᠤᠷᠪᠠ

ᠡᠷᠡᠤ ᠠᠮᠠ ᠪᠠᠨ ᠳᠤᠯᠢᠶᠠᠨ᠎ᠠ

ᠭᠡᠷᠡᠮ ᠤᠨ ᠳᠡᠭᠡᠷ᠎ᠡ ᠭᠡᠷᠢᠶ᠎ᠡ ᠡᠯᠢᠶ᠎ᠡ ᠭᠠᠯᠠᠭᠤ ᠭᠤᠷᠪᠠ

ᠭᠦᠵᠦᠭᠦᠤ ᠠᠮᠠ ᠪᠠᠨ ᠳᠤᠯᠢᠶᠠᠨ᠎ᠠ

ᠭᠤᠤᠯ ᠤᠨ ᠳᠡᠭᠡᠷ᠎ᠡ ᠭᠠᠯᠠᠭᠤ ᠭᠡᠷᠢᠶ᠎ᠡ ᠡᠯᠢᠶ᠎ᠡ ᠭᠤᠷᠪᠠ

ᠭᠠᠷ ᠭᠦᠯ ᠶᠢᠡᠨ ᠳᠤᠯᠢᠶᠠᠨ᠎ᠠ


ᠣᠯᠢᠭᠠᠷ ᠰᠡᠯᠢᠭᠡᠷ ᠮᠥᠯᠢᠭᠡᠷ ᠭᠦᠯᠢᠭᠡᠷ ᠢ

ᠰᠡᠯᠢᠭᠡᠷ ᠮᠥᠯᠢᠭᠡᠷ ᠭᠦᠯᠢᠭᠡᠷ ᠣᠯᠢᠭᠠᠷ ᠭᠡᠭᠦ ᠦᠦ︖

ᠮᠥᠯᠢᠭᠡᠷ ᠭᠦᠯᠢᠭᠡᠷ ᠣᠯᠢᠭᠠᠷ ᠰᠡᠯᠢᠭᠡᠷ ᠭᠡᠭᠦ ᠦᠦ︖

ᠭᠦᠯᠢᠭᠡᠷ ᠣᠯᠢᠭᠠᠷ ᠰᠡᠯᠢᠭᠡᠷ ᠮᠦᠯᠢᠭᠡᠷ ᠭᠡᠭᠦ ᠦᠦ︖


ᠣᠷᠤᠢ ᠶᠢᠨ ᠪᠣᠷᠤᠭᠠᠨ ᠳᠤ ᠨᠤᠷᠤᠭᠰᠠᠨ

ᠣᠷᠤᠭ᠎ᠠ ᠪᠣᠷᠤ ᠮᠤᠷᠢ

ᠣᠯᠣᠢ᠌ᠷ ᠶᠢᠡᠷ ᠶᠢᠡᠨ ᠣᠯᠤᠩ ᠲᠡᠶ ᠦᠦ︖

ᠣᠮᠤᠷᠤᠤ ᠪᠠᠷ ᠶᠢᠡᠨ ᠣᠯᠤᠩ ᠲᠡᠶ ᠦᠦ︖

· · · · · · · · · ·

ᠣᠷᠤᠭ᠎ᠠ ᠬᠠᠷ᠎ᠠ ᠳᠤᠤᠷ᠎ᠠ ᠪᠠᠨ ᠪᠣᠰᠬᠠᠨ᠎ᠠ

ᠵᠢᠷᠤᠭ᠎ᠠ ᠪᠣᠷᠤ ᠵᠢᠯᠤᠭᠤ ᠳᠤᠭᠳᠤᠷᠤᠨ᠎ᠠ

· · · · · · · · · ·

ᠣᠷᠤᠭᠤᠯ ᠤᠨ ᠣᠷᠠᠨ

ᠣᠬᠠᠭᠠᠨ ᠤ ᠣᠷᠠᠨ

ᠣᠷᠤᠭᠤᠯ ᠤᠨ ᠣᠷᠠᠨ ᠡᠴᠡ

ᠣᠬᠠᠭᠠᠨ ᠤ ᠣᠷᠠᠨ ᠳᠡᠭᠡᠷ᠎ᠡ

· · · · · · · · ·

ᠣᠷᠳᠤ ᠣᠷᠭ᠎ᠠ ᠪᠠᠷ

ᠣᠷᠤᠭ᠎ᠠ ᠮᠤᠷᠢ ᠣᠷᠭᠠᠯᠠᠨ᠎ᠠ

ᠣᠷᠤᠭ᠎ᠠ ᠮᠤᠷᠢ ᠨᠢ

ᠣᠷᠳᠤ ᠣᠷᠭ᠎ᠠ ᠳᠤ ᠣᠷᠭᠠᠯᠠᠭᠳᠠᠨ᠎ᠠ

· · · · · · · · ·

ᠦᠷᠦᠯᠪᠢ ᠰᠢᠪᠠᠭᠤ

ᠥᠷᠪᠠᠯᠭᠡ ᠦᠳᠦ ᠪᠠᠨ

ᠥᠷᠯᠦᠭᠡᠭᠦᠷ ᠪᠦᠷᠢ

ᠥᠷᠪᠠᠯᠵᠡᠭᠦᠯᠤᠨ ᠵᠠᠰᠠᠨ᠎ᠠ

· · · · · · · ·

ᠨᠠᠷᠠ ᠬᠤᠯᠠᠭᠤᠷ ᠭᠦᠷᠢᠶᠡᠯᠡᠪᠡ ᠦᠦ︖

ᠣᠢ᠌ᠷ᠎ᠠ ᠪᠠᠷ ᠭᠦᠷᠢᠶᠡᠯᠡᠪᠡ ᠦᠦ︖

ᠰᠠᠷᠠ ᠰᠠ‍‌ᠶᠢ ᠭᠦᠷᠢᠶᠡᠯᠡᠪᠡ ᠦᠦ︖

ᠰᠡᠭᠦᠯ ᠳ᠋ᠤᠨᠢ ᠭᠦᠷᠢᠶᠡᠯᠡᠪᠡ ᠦᠦ︖

· · · · · · · · ·

ᠨᠠᠷᠢᠨ ᠰᠤᠷ ᠤᠨ ᠭᠦᠯᠢᠭᠡᠷ ᠭᠦᠯᠴᠢᠭᠡᠷ ᠣᠯᠤᠩ

ᠮᠤᠷᠢ ᠶᠢ ᠣᠯᠣᠢ᠌ᠷᠳᠤᠭᠤᠯᠬᠤ ᠡᠴᠡ ᠪᠢᠰᠢ

ᠪᠦᠳᠦᠭᠦᠨ ᠰᠤᠷ ᠤᠨ ᠭᠦᠯᠢᠭᠡᠷ ᠭᠦᠯᠴᠢᠭᠡᠷ ᠣᠯᠤᠩ

ᠮᠤᠷᠢ ᠶᠢ ᠣᠯᠣᠢ᠌ᠷᠳᠤᠭᠤᠯᠬᠤ ᠦᠭᠡᠶ

· · · · · · · · ·

ᠪᠠᠷᠠᠭᠤᠨ ᠪᠣᠷᠭᠠᠰᠤᠨ ᠤ ᠪᠠᠷᠰ

ᠵᠡᠭᠦᠨ ᠵᠥᠯᠭᠡᠨ ᠤ ᠵᠦᠷ᠎ᠡ

ᠪᠣᠷᠭᠠᠰᠤᠨ ᠤ ᠪᠠᠷᠰ

ᠵᠥᠯᠭᠡᠨ ᠤ ᠵᠦᠷ᠎ᠡ ᠳᠤ ᠮᠢᠷᠠᠬᠤ ᠳᠤ

ᠪᠣᠷᠭᠠᠰᠤᠨ ᠤ ᠪᠠᠷᠰ ᠡᠴᠡ

ᠵᠥᠯᠭᠡᠨ ᠤ ᠵᠦᠷ᠎ᠡ ᠪᠣᠷᠤᠭᠤᠯᠠᠨ᠎ᠠ

· · · · · · ·

ᠪᠣᠯᠠᠭ ᠳᠤᠩᠭ᠋ᠠᠯᠠᠭ

ᠪᠣᠯᠤᠷ ᠳᠤᠩᠭ᠋ᠠᠯᠠᠭ

ᠪᠣᠯᠠᠭ ᠪᠣᠯᠤᠷ

ᠪᠦᠷ ᠳᠤᠩᠭ᠋ᠠᠯᠠᠭ

· · · · · · ·

ᠭᠡᠷᠡᠮ ᠤᠨ ᠳᠡᠭᠡᠷ᠎ᠡ ᠣᠨᠠᠭᠰᠠᠨ ᠭᠢᠷᠠᠭᠤ ᠶᠢ

ᠭᠡᠷᠢᠶ᠎ᠡ ᠢᠷᠡᠭᠡᠳ ᠭᠦᠯ ᠶᠢᠡᠷ ᠶᠢᠡᠨ ᠰᠠᠭᠤᠭᠠᠤᠨ

ᠭᠡᠯᠡ ᠪᠠᠷ ᠶᠢᠡᠨ ᠳᠤᠯᠢᠶᠠᠬᠤ ᠶᠢ ᠦᠵᠡᠪᠠ ᠦᠦ︖

· · · · · · ·

ᠭᠡᠯᠡᠭᠡᠢ ᠨᠢ ᠭᠡᠯᠡᠭᠡᠢ ᠪᠣᠯᠪᠠᠴᠤ

ᠭᠡᠯᠡᠭ᠍ᠰᠡᠭᠡᠷ ᠭᠡᠯᠡᠭ᠍ᠰᠡᠭᠡᠷ ᠪᠠᠢ᠌ᠭᠠᠤᠨ

ᠭᠡᠯᠡ ᠨᠢ ᠵᠥᠭ᠍ᠰᠢᠷᠡᠵᠤ

ᠭᠡᠯᠡᠭᠡᠢ ᠨᠢ ᠵᠠᠰᠠᠷᠠᠨ᠎ᠠ

· · · · · · ·

ᠬᠤᠭᠤᠷᠴᠢ ᠡᠪᠦᠭᠡᠨ

ᠬᠤᠭᠤᠷ ᠪᠠᠷᠢᠨ ᠬᠤᠭᠤᠷᠳᠠᠨ᠎ᠠ

ᠬᠤᠭᠤᠷᠳᠠᠬᠤ ᠬᠤᠭᠤᠷᠤᠠᠳᠤ

ᠬᠤᠯᠪᠣᠭ᠎ᠠ ᠡᠭᠡᠰᠢᠭ᠌ ᠡᠭᠦᠰᠭᠡᠨ᠎ᠡ

ᠬᠠᠷᠢᠶ᠎ᠠ᠄ ᠰᠤᠶᠤᠯ ᠣᠷᠠᠯᠢᠭ
ᠳᠠᠷᠤᠮ᠄ 7476
ᠴᠠᠭ᠄ 2009 ᠤᠨ ᠤ 06 ᠰᠠᠷ᠎ᠠ ᠶᠢᠨ 15
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ