ᠨᠡᠪᠲᠡᠷᠡᠨ ᠤᠷᠤᠬᠤ
ᠭᠦᠯᠢᠶᠡᠯᠳᠡ

ᠭᠦᠪᠴᠢᠨ ᠳᠡᠯᠡᠭᠡᠢ ᠭᠦᠰᠡᠯ ᠶᠢᠡᠷ ᠪᠢᠯᠬᠠᠵᠤ

ᠭᠦᠤ ᠶᠢᠨ ᠰᠡᠳᠭᠢᠯ ᠭᠦᠪᠪᠦᠯᠵᠡᠭᠡᠳ ᠪᠠᠢ᠌ᠨ᠎ᠠ

ᠭᠦᠭᠡᠷᠦᠭᠦᠨ ᠬᠤᠩᠭ᠋ᠤᠷ ᠦᠬᠢᠨ ᠴᠢᠮ᠎ᠠ ᠪᠠᠨ

ᠭᠦᠷᠦᠭᠡᠳ ᠢᠷᠠᠨ᠎ᠡ ᠭᠡᠵᠤ ᠭᠦᠯᠢᠶᠡᠭᠡᠳ ᠪᠠᠢ᠌ᠨ᠎ᠠ

ᠬᠠᠨ ᠳᠡᠯᠡᠭᠡᠢ ᠢᠳᠡᠭᠡᠯ ᠶᠢᠡᠷ ᠴᠠᠯᠭᠢᠵᠤ

ᠬᠠᠯᠠᠭᠤᠨ ᠬᠠᠢ᠌ᠷ᠎ᠠ ᠢᠪᠢᠯᠦᠭᠡᠳ ᠪᠠᠢ᠌ᠨ᠎ᠠ

ᠬᠠᠢ᠌ᠷᠠᠳᠤ ᠬᠤᠩᠭ᠋ᠤᠷ ᠦᠬᠢᠨ ᠴᠢᠮ᠎ᠠ ᠪᠠᠨ

ᠬᠠᠷᠢᠭᠠᠤᠨ ᠢᠷᠠᠨ᠎ᠡ ᠭᠡᠵᠤ ᠭᠦᠯᠢᠶᠡᠭᠡᠳ ᠪᠠᠢ᠌ᠨ᠎ᠠ

ᠠᠯᠠᠭ ᠬᠤᠷᠸ᠎ᠠ ᠳᠠᠭᠤᠤ ᠪᠠᠷ ᠣᠶᠠᠩᠭ᠋ᠠᠷᠠᠵᠤ

ᠠᠶᠤᠤᠯᠢᠬᠠᠢ ᠵᠢᠷᠦᠭᠡ ᠳᠤᠭᠳᠤᠯᠤᠭᠠᠤᠨ ᠪᠠᠢ᠌ᠨ᠎ᠠ

ᠠᠮᠠᠷᠠᠭ ᠬᠤᠩᠭ᠋ᠤᠷ ᠦᠬᠢᠨ ᠴᠢᠮ᠎ᠠ ᠪᠠᠨ

ᠠᠭᠢᠭᠠᠤᠨ ᠢᠷᠠᠨ᠎ᠡ ᠭᠡᠵᠤ ᠭᠦᠯᠢᠶᠡᠭᠡᠳ ᠪᠠᠢ᠌ᠨ᠎ᠠ

ᠪᠣᠭᠤᠷᠤᠯ ᠬᠤᠷᠸ᠎ᠠ ᠨᠠᠢ᠌ᠷᠠᠭ ᠶᠢᠡᠷ ᠴᠡᠯᠭᠡᠷᠡᠵᠤ

ᠪᠣᠰᠤᠭ᠎ᠠ ᠵᠢᠷᠦᠭᠡ ᠪᠣᠯᠭᠢᠯᠠᠭᠠᠤᠨ ᠪᠠᠢ᠌ᠨ᠎ᠠ

ᠪᠣᠯᠪᠠᠷᠠᠢ ᠬᠤᠩᠭ᠋ᠤᠷ ᠦᠬᠢᠨ ᠴᠢᠮ᠎ᠠ ᠪᠠᠨ

ᠪᠣᠴᠠᠭᠠᠤᠨ ᠢᠷᠠᠨ᠎ᠡ ᠭᠡᠵᠤ ᠭᠦᠯᠢᠶᠡᠭᠡᠳ ᠪᠠᠢ᠌ᠨ᠎ᠠ


ᠵᠤᠬᠢᠶᠠᠭᠴᠢ ᠶᠢᠨ ᠬᠠᠶ‍ᠢᠭ ᠄ ᠣᠷᠳᠤᠰ ᠬᠤᠳᠠ ᠶᠢᠨ ᠬᠠᠩᠭᠢᠨ ᠬᠤᠰᠢᠭᠤᠨ ᠤ ᠭᠦᠭᠡᠮᠦᠳᠤ ᠰᠤᠷᠭᠠᠭᠤᠯᠢ

ᠵᠤᠬᠢᠶᠠᠭᠴᠢ᠄ ᠰᠣ᠊·ᠦᠨᠡᠠᠴᠢ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2635
ᠴᠠᠭ᠄ 2009 ᠤᠨ ᠤ 12 ᠰᠠᠷ᠎ᠠ ᠶᠢᠨ 28
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ