☆ ᠭᠦᠷᠵᠡᠪ
ᠤᠯᠠᠭᠠᠨ ᠭᠤᠤ
ᠳᠠᠯ᠎ᠠ ᠨᠤᠳᠤᠭ ᠲᠤ ᠭᠤᠤᠯ ᠮᠦᠷᠠᠨ᠂ ᠭᠤᠤ ᠭᠠᠩᠭ᠎ᠠ ᠮᠤᠩ ᠦᠭᠡᠶ ᠣᠯᠠᠨ ᠪᠠᠢ᠌ᠳᠠᠭ ᠪᠣᠯᠪᠠᠴᠤ ᠣᠠᠯᠭᠠᠨ ᠭᠤᠤ ᠭᠡᠵᠤ ᠳᠤᠷᠠᠳᠬᠤ ᠲᠡᠶ ᠵᠡᠷᠭᠡ᠂ ᠮᠢᠨᠤ ᠳᠤᠳᠤᠷ᠎ᠠ ᠳᠤᠩ ᠣᠯᠠᠨ ᠪᠣᠳᠤᠯ ᠳᠦᠷᠦᠭ᠍ᠳᠡᠳᠡᠭ᠌᠃ ᠡᠨᠡᠭᠦ ᠶᠠᠷᠤ ᠶᠢᠨ ᠨᠢᠭᠡᠨ ᠭᠤᠤ ᠶᠠᠭᠠᠭᠢᠭᠠᠤᠨ ᠮᠢᠨᠤ ᠪᠣᠳᠤᠯ ᠰᠡᠳᠭᠢᠯ ᠳᠤ ᠣᠷᠤᠭᠠᠤᠨ ᠪᠠᠢ᠌ᠳᠠᠭ ᠪᠣᠢ ⁈ ᠡᠭᠦᠨ ᠳᠤ ᠪᠠᠰᠠ ᠥᠯᠢᠭᠡᠷ ᠲᠡᠶ ᠶᠤᠮ᠃
ᠡᠷᠳᠡ ᠣᠷᠢᠳᠤ ᠴᠠᠭ ᠲᠤ᠂ ᠮᠠᠨ ᠤ ᠦᠵᠦᠮᠤᠴᠢᠨ ᠨᠤᠳᠤᠭ ᠲᠤ ᠨᠢᠭᠡ ᠳᠤᠮᠤ ᠪᠠᠶᠠᠨ ᠪᠠᠢ᠌ᠵᠤ᠂ ᠡᠨᠡ ᠪᠠᠶᠠᠨ ᠮᠢᠩᠭ᠋ᠠᠨ ᠬᠠᠷ᠎ᠠ ᠠᠳᠤᠭᠤ ᠲᠡᠶ ᠶᠤᠮ ᠭᠡᠨ᠎ᠡ᠃ ᠳᠠᠷᠠ ᠦᠶ᠎ᠡ ᠳᠤ ᠡ᠊ᠨᠳᠡ ᠬᠤᠤᠠᠳᠤᠭ ᠴᠥᠭᠦᠷᠦᠮ ᠭᠡᠵᠤ ᠪᠠᠢ᠌ᠭᠰᠠᠨ ᠦᠭᠡᠶ ᠳᠤᠯᠠ ᠡᠨᠡ ᠪᠠᠶᠠᠨ ᠮᠢᠩᠭ᠋ᠠᠨ ᠬᠠᠷ᠎ᠠ ᠠᠳᠤᠭᠤ ᠪᠠᠨ ᠣᠷᠤᠰᠬᠠᠯ ᠳᠠᠰᠤᠷᠠᠳᠠᠭ ᠦᠭᠡᠶ ᠣᠯᠠᠭᠠᠢ ᠭᠤᠤ ᠳᠤ ᠣᠰᠤᠯᠠᠳᠠᠭ ᠪᠠᠢ᠌ᠵᠠᠢ᠃ ᠮᠢᠩᠭ᠋ᠠᠨ ᠠᠳᠤᠭᠤ ᠨᠢ ᠡ᠊ᠨᠳᠡ ᠢᠷᠠᠵᠤ ᠡᠳᠦᠷ ᠪᠦᠷᠢ ᠣᠰᠤ ᠣᠤᠭᠤᠬᠤ ᠳᠠᠭᠠᠨ ᠨᠢᠭᠡ ᠵᠦᠷᠢᠭ᠌ ᠵᠠᠮ ᠶᠢᠡᠷ ᠴᠤᠪᠣᠷᠠᠨ ᠢᠷᠠᠵᠤ ᠴᠤᠪᠣᠷᠠᠨ ᠪᠣᠴᠠᠳᠠᠭ ᠪᠣᠯᠬᠤᠷ ᠮᠢᠩᠭ᠋ᠠᠨ ᠠᠭᠳᠠ ᠶᠢᠨ ᠮᠦᠩᠭᠦᠨ ᠳᠤᠭᠤᠷᠠᠢ ᠳᠤ ᠡᠯᠡᠭ᠍ᠳᠡᠨ ᠢᠳᠡᠭ᠍ᠳᠡᠵᠤ᠂ ᠨᠢᠭᠡ ᠶᠡᠭᠡ ᠭᠤᠤ ᠭᠠᠷᠤᠭᠰᠠᠨ ᠪᠠᠢ᠌ᠵᠠᠢ᠃ ᠡᠨᠡ ᠭᠤᠤ ᠪᠠᠷ ᠮᠢᠩᠭ᠋ᠠᠨ ᠠᠳᠤᠭᠤ ᠥᠩᠭᠡᠷᠡᠨ ᠭᠠᠷᠬᠤ ᠪᠦᠷᠢ ᠣᠯᠠᠭᠠᠨ ᠳᠤᠭᠤᠰᠤ ᠪᠣᠵᠢᠭᠢᠨᠠᠨ ᠳᠡᠭ᠍ᠳᠡᠳᠡᠭ᠌ ᠳᠤᠯᠠ ᠭᠦᠮᠦᠰ ᠳᠡᠷᠡᠭᠦ ᠭᠤᠤ ᠶᠢ 《ᠣᠯᠠᠭᠠᠨ ᠭᠤᠤ》 ᠭᠡᠵᠤ ᠨᠠᠷᠠᠢ᠌ᠤᠠᠴᠠᠢ᠃
ᠣᠯᠠᠭᠠᠨ ᠭᠤᠤ ᠪᠣᠯ ᠮᠢᠨᠤ ᠪᠠᠭ᠎ᠠ ᠶᠢᠨ ᠦᠶ᠎ᠡ ᠶᠢᠨ ᠨᠠᠭᠠᠳᠴᠤ ᠪᠠᠢ᠌ᠭᠰᠠᠨ ᠭᠠᠵᠠᠷ ᠶᠤᠮ᠃ ᠪᠢ ᠬᠤᠷᠠᠭ᠎ᠠ ᠳᠤᠭᠤᠯ ᠬᠠᠷᠢᠭᠤᠯᠵᠤ ᠶᠠᠪᠣᠬᠤ ᠳᠠᠭᠠᠨ ᠦᠷᠭᠦᠯᠵᠢ ᠡ᠊ᠨᠳᠡ ᠢᠷᠠᠵᠤ᠂ ᠳᠡᠮᠡᠭᠡᠨ ᠭᠦᠭᠦ ᠵᠡᠷᠭᠡ ᠡᠯᠳᠡᠪ ᠵᠣᠢ᠌ᠯ ᠤᠨ ᠵᠡᠷᠯᠢᠭ᠌ ᠣᠷᠭᠤᠮᠠᠯ ᠢ ᠳᠡᠭᠦᠵᠤ ᠨᠠᠭᠠᠳᠳᠠᠭ᠃ ᠡ᠊ᠨᠳᠡ ᠶᠠᠩᠵᠤ ᠪᠦᠷᠢ ᠶᠢᠨ ᠡᠪᠠᠰᠤ ᠣᠷᠭᠤᠮᠠᠯ ᠪᠠᠢ᠌ᠳᠠᠭ᠃ ᠪᠢ ᠳᠡᠭᠦᠨ ᠢ ᠳᠤᠩ ᠪᠠᠬᠠᠷᠠᠨ ᠰᠤᠨᠢᠷᠬᠠᠳᠠᠭ ᠪᠠᠢ᠌ᠭᠰᠠᠨ ᠶᠤᠮ᠃
ᠪᠢ ᠣᠯᠠᠭᠠᠨ ᠭᠤᠤ ᠳᠠᠭᠠᠨ ᠬᠠᠢ᠌ᠷᠠᠳᠠᠢ᠃ ᠪᠢ ᠣᠯᠠᠭᠠᠨ ᠭᠤᠤ ᠪᠠᠨ ᠡᠭᠦᠷᠢᠳᠡ ᠳᠤᠷᠠᠳᠬᠠᠨ ᠳᠡᠮᠳᠡᠭᠯᠡᠨ᠎ᠡ︕
1980 ᠣᠨ ᠤ ᠡᠪᠦᠯ᠂ ᠵᠡᠭᠦᠨ ᠦᠵᠦᠮᠤᠴᠢᠨ ᠬᠤᠰᠢᠭᠤᠨ ᠤ ᠮᠤᠩᠭ᠋ᠤᠯ ᠳᠤᠮᠳᠠᠳᠤ ᠰᠤᠷᠭᠠᠭᠤᠯᠢ ᠳᠤ᠃
ᠵᠤᠬᠢᠶᠠᠭᠴᠢ ᠶᠢᠨ 《ᠵᠡᠭᠦᠳᠤᠨ ᠳᠤ ᠰᠥᠮᠡᠯᠵᠡᠭᠦ ᠣᠨ ᠵᠢᠯ》 (2009 ᠣᠨ) ᠭᠡᠭᠦ ᠨᠠᠢ᠌ᠷᠠᠭᠤᠯᠤᠯ ᠤᠨ ᠳᠡᠭᠦᠪᠦᠷᠢ ᠡᠴᠡ᠃
ᠵᠤᠬᠢᠶᠠᠭᠴᠢ ᠶᠢᠨ ᠬᠠᠶᠢᠭ ᠄ ᠬᠦᠬᠡᠬᠤᠲᠠ ᠶᠢᠨ ᠭᠢᠩᠭ᠋ᠠᠨ ᠵᠠᠮ ᠤᠨ ᠦᠨᠳᠦᠰᠦᠳᠠᠨ ᠤ ᠪᠠᠭ᠎ᠠ ᠰᠤᠷᠭᠠᠭᠤᠯᠢ
ᠵᠤᠬᠢᠶᠠᠭᠴᠢ᠄ ᠭᠦᠷᠵᠡᠪ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠤᠷᠤᠭᠴᠢ ᠶᠢᠨ ᠳᠠᠪᠴᠠᠩᠳᠠᠷᠤᠮ᠄ 3040
ᠴᠠᠭ᠄ 2011 ᠤᠨ ᠤ 01 ᠰᠠᠷ᠎ᠠ ᠶᠢᠨ 09
ᠨᠠᠢ᠌ᠷᠠᠭᠤᠯᠤᠭᠴᠢ᠄ ᠪᠦᠬᠡᠡᠷᠳᠡᠨᠢ