☆ ᠴᠧᠨ ᠽᠠᠢ ᠰᠢᠶᠠ
ᠰᠠᠢ᠌ᠨ ᠨᠠᠢ᠌ᠵᠠ
ᠲ᠋ᠤᠷᠤᠨᠠ ᠪᠢᠳᠠ ᠬᠤᠶᠠᠭᠤᠯᠠ ᠪᠣᠯ ᠨᠢᠭᠡᠳᠦᠭᠡᠷ ᠣᠨ ᠡᠴᠠ ᠪᠠᠨ ᠡᠭᠢᠯᠡᠭᠡᠳ ᠢᠵᠢᠯᠢᠰᠢᠨ ᠳᠠᠰᠤᠯᠴᠠᠭᠰᠠᠨ ᠰᠠᠢ᠌ᠨ ᠨᠠᠢ᠌ᠵᠠ ᠶᠤᠮ᠃ ᠳᠠᠷᠠ ᠡᠶᠡᠯᠰᠡᠭ᠌ ᠳᠤᠳᠤᠨᠤ ᠵᠠᠩ ᠲᠡᠶ᠂ ᠪᠣᠰᠤᠳ ᠢ ᠳᠤᠰᠠᠯᠠᠬᠤ ᠪᠠᠷ ᠵᠢᠷᠭᠠᠯ ᠶᠢᠡᠨ ᠪᠣᠯᠭᠠᠳᠠᠭ᠂ ᠠᠩᠭᠢ ᠶᠢᠨ ᠨᠥᠭᠦᠤᠨ ᠶᠢᠡᠨ ᠭᠡᠵᠢᠶᠡᠳᠡ ᠭᠤᠮᠤᠳᠠᠭᠠᠬᠤ ᠦᠭᠡᠶ ᠮᠦᠷᠳᠡᠭᠡᠨ ᠪᠠᠭᠰᠢ ᠶᠢᠨ ᠥᠭᠡ ᠶᠢ ᠰᠤᠨᠤᠰᠴᠤ᠂ ᠰᠤᠷᠭᠠᠭᠤᠯᠢ ᠪᠠ ᠠᠩᠭᠢ ᠨᠠᠢ᠌ᠳᠠ ᠶᠢᠨ ᠲᠦᠯᠦᠭᠡ ᠣᠯᠠᠨ ᠰᠠᠢ᠌ᠨ ᠰᠠᠢ᠌ᠬᠠᠨ ᠵᠣᠢ᠌ᠯᠠᠰ ᠢ ᠪᠣᠳᠤᠳᠠᠭ᠃
ᠨᠢᠭᠡᠨ ᠣᠳᠠᠭ᠎ᠠ ᠪᠢᠯᠠ᠃ ᠪᠢ ᠨᠠᠭᠠᠳᠴᠤ ᠪᠠᠢ᠌ᠭᠰᠠᠭᠠᠷ ᠬᠠᠷᠮᠠᠨ ᠳ᠋ᠠᠭᠢ ᠵᠤᠭᠤᠰ ᠶᠢᠡᠨ ᠣᠪᠠᠢ᠌ᠨ ᠳᠤ ᠦᠭᠡᠶ ᠭᠡᠭᠡᠭᠡᠳ ᠠᠩᠭᠢ ᠳᠤ ᠪᠠᠨ ᠵᠤᠪᠠᠨ ᠰᠠᠭᠤᠵᠤ ᠪᠠᠢ᠌ᠳᠠᠯ᠎ᠠ ᠳᠤᠷᠤᠨ᠎ᠠ ᠬᠠᠵᠠᠭᠤ ᠳᠤ ᠢᠷᠡᠭᠡᠳ᠄ 《ᠳᠠ ᠶᠠᠭᠠᠭᠢᠭᠠᠤᠨ ᠣᠷᠤᠭᠤ ᠴᠢᠷᠠᠢ᠌ᠯᠠᠵᠤ ᠰᠠᠭᠤᠵᠤ ᠪᠠᠢ᠌ᠬᠤ ᠶᠦᠮ︖》 ᠭᠡᠰᠡᠨ ᠳᠤ ᠪᠢ᠄ 《ᠣᠪᠠᠢ᠌ᠨ ᠳᠤ ᠦᠭᠡᠶ ᠵᠤᠭᠤᠰ ᠢ ᠭᠡᠭᠡᠴᠢᠭᠡᠯ᠎ᠡ᠂ ᠣᠳᠤ ᠶᠠᠭᠠᠭᠢᠬᠤ ᠪᠣᠢ︕》 ᠭᠡᠳ ᠣᠭᠢᠯᠠᠭ ᠠᠯᠳᠠᠪᠠ᠃ ᠳᠠᠷᠠ᠄ 《ᠭᠡᠳᠦᠢ ᠵᠤᠭᠤᠰ ᠪᠣᠢ︖ ᠶᠠᠪᠣᠶ᠎ᠠ᠂ ᠬᠤᠶᠠᠭᠤᠯᠠ ᠡᠷᠢᠵᠤ ᠥᠵᠡᠶ᠎ᠡ︕》 ᠭᠡᠳ ᠳᠠᠮᠢᠷ ᠤᠨ ᠳᠠᠯᠠᠪᠣᠷ ᠲᠤ ᠮᠢᠨᠤ ᠨᠠᠭᠠᠳᠤᠭᠰᠠᠨ ᠭᠠᠵᠠᠷ ᠶᠢᠡᠷ ᠡᠷᠢᠯ᠎ᠡ᠃ ᠥᠨᠡᠭᠡᠷ ᠳᠠᠯᠠᠭᠠᠷᠳᠠᠭᠰᠠᠨ ᠦᠭᠡᠶ᠂ ᠭᠡᠭᠡᠭ᠍ᠰᠡᠨ ᠵᠤᠭᠤᠰ ᠶᠢᠡᠨ ᠳᠤᠷᠤᠨ᠎ᠠ ᠶᠢᠨ ᠰᠠᠢ᠌ᠨ ᠶᠢᠡᠷ ᠡᠷᠢᠭᠡᠳ ᠣᠯᠴᠢᠬᠠᠯ᠎ᠠ᠃ 《ᠪᠠᠶᠠᠷᠯᠠᠭᠰᠠᠨ ᠭᠡᠷᠢᠶ᠎ᠡ ᠪᠠᠷᠭᠢᠷᠠᠭ᠎ᠠ》 ᠭᠡᠳᠡᠭ᠌ ᠶᠢᠡᠷ ᠪᠢ ᠪᠠᠶᠠᠷᠯᠠᠬᠤ ᠳᠠᠭᠠᠨ ᠳᠤᠷᠤᠨ᠎ᠠ ᠶᠢ ᠴᠢᠩᠭ᠎ᠠ ᠳᠠᠪᠠᠷᠢᠪᠠ᠃
ᠪᠢ ᠳᠠᠷᠠ ᠳᠠᠷᠤᠢ ᠭᠢᠴᠢᠶᠠᠯ ᠳᠤ ᠰᠤᠷᠤᠭᠰᠠᠨ 《ᠠᠷᠪᠠᠨ ᠯᠠᠩ ᠮᠦᠩᠭᠦ ᠲᠡᠶ ᠶᠠᠪᠣᠬᠤ ᠪᠠᠷ ᠶᠢᠨ᠂ ᠠᠷᠪᠠᠨ ᠠᠬ᠎ᠠ ᠳᠡᠭᠦᠤ ᠲᠡᠶ ᠶᠡᠪᠦ》 ᠭᠡᠰᠡᠨ ᠥᠭᠡ ᠶᠢ ᠪᠣᠳᠤᠨ ᠣᠯᠤᠯ᠎ᠠ᠃
ᠵᠢᠯᠤᠭᠤᠳᠤᠭᠰᠠᠨ ᠪᠠᠭᠰᠢ᠄ ᠳᠠᠪᠬᠤᠷᠪᠠᠶᠠᠷ
ᠵᠤᠬᠢᠶᠠᠭᠴᠢ ᠶᠢᠨ ᠬᠠᠶᠢᠭ ᠄ ᠨᠢ᠋ᠮᠠᠨ ᠬᠤᠰᠢᠭᠤᠨ ᠤ ᠬᠤᠩᠬᠤᠷᠳᠠᠯ᠎ᠠ ᠭᠤᠤᠯ ᠪᠠᠭ᠎ᠠ ᠰᠤᠷᠭᠠᠭᠤᠯᠢ 3.2 ᠪᠦᠯᠦᠭ᠌ ᠤᠨ ᠴᠧᠨ ᠽᠠᠢ ᠰᠢᠶᠠ
ᠵᠤᠬᠢᠶᠠᠭᠴᠢ᠄ ᠴᠧᠨ ᠽᠠᠢ ᠰᠢᠶᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠤᠷᠤᠭᠴᠢ ᠶᠢᠨ ᠳᠠᠪᠴᠠᠩᠳᠠᠷᠤᠮ᠄ 3348
ᠴᠠᠭ᠄ 2011 ᠤᠨ ᠤ 05 ᠰᠠᠷ᠎ᠠ ᠶᠢᠨ 20
ᠨᠠᠢ᠌ᠷᠠᠭᠤᠯᠤᠭᠴᠢ᠄ ᠪᠦᠬᠡᠡᠷᠳᠡᠨᠢ