ᠨᠡᠪᠲᠡᠷᠡᠨ ᠤᠷᠤᠬᠤ
ᠬᠠᠷ᠎ᠠ ᠨᠢᠳᠤᠨ ᠪᠦᠰᠡᠭᠦᠢ

ᠨᠢᠭᠡ᠂ ᠬᠠᠷᠠᠴᠠ ᠳᠠᠭᠠᠨ ᠪᠦᠦᠪᠠᠢ ᠬᠠᠷ᠎ᠠ ᠨᠢᠳᠤᠨ


ᠬᠠᠷ᠎ᠠ ᠨᠢᠳᠤᠨ ᠪᠦᠰᠡᠭᠦᠢ ᠴᠢ ᠮᠢᠨᠢ

ᠬᠠᠷᠠᠴᠠ ᠳᠡᠭᠡᠷ᠎ᠡ ᠪᠠᠨ ᠪᠦᠦᠪᠠᠢ ᠲᠡᠶ ᠶᠤᠮ

ᠬᠠᠷᠢ ᠶᠢᠨ ᠵᠠᠯᠠᠭᠤ ᠬᠠᠷᠢᠠᠠᠤ ᠪᠠᠨ ᠮᠠᠷᠳᠠᠠᠭᠠᠤᠨ

ᠬᠠᠨᠢᠯᠠᠨ ᠰᠠᠭᠠᠤᠴᠢᠬᠠᠮᠠᠷ ᠬᠠᠷᠠᠴᠠ ᠲᠡᠶ ᠶᠤᠮ

ᠪᠣᠳᠤᠭᠤᠨ ᠬᠠᠷ᠎ᠠ ᠨᠢᠳᠤᠨ ᠳᠡᠭᠡᠨ ᠴᠢ

ᠪᠣᠷᠵᠠᠩ ᠦᠭᠡᠶ ᠳᠤᠩᠭ᠋ᠠᠯᠠᠭ ᠢᠨᠢᠶᠠᠳᠤ ᠲᠡᠶ ᠶᠤᠮ

ᠪᠦᠭᠦᠳᠡ ᠶᠢᠨ ᠦᠷ᠎ᠡ ᠶᠢ ᠠᠯᠠᠭ ᠦᠭᠡᠶ ᠥᠵᠡᠳᠡᠭ᠌

ᠪᠣᠶᠠᠠᠳᠠᠢ ᠪᠣᠷᠬᠠᠨ ᠰᠡᠳᠭᠢᠯ ᠲᠡᠶ ᠶᠤᠮ

ᠣᠳᠠᠰᠤ ᠵᠡᠭᠦᠤ ᠶᠢᠨ ᠴᠢᠨᠢ ᠳᠠᠳᠠᠯᠭᠠᠨ ᠳ᠋ᠤ

ᠡᠷᠪᠠᠭᠡᠢ ᠡᠷᠭᠢᠯᠳᠦᠭᠡᠳ ᠳᠡᠪᠳᠡᠷᠢᠳᠡᠭ᠌ ᠶᠤᠮ

ᠦᠯᠠᠳᠠᠪᠣᠷᠢ ᠭᠢᠵᠢᠶᠠᠷ ᠢ ᠦᠷᠡᠭᠡᠯᠡᠯ ᠦᠭᠡᠶ ᠣᠷᠠᠯᠠᠨ

ᠦᠷᠦᠭᠡ ᠭᠡᠷ ᠶᠢᠡᠨ ᠥᠩᠭᠡ ᠭᠡᠷᠡᠯ ᠰᠠᠴᠤᠷᠠᠭᠤᠯᠳᠠᠭ ᠶᠤᠮ

ᠪᠣᠳᠤᠭᠤ ᠪᠠᠨ ᠭᠤᠯᠤᠭᠰᠠᠨ ᠪᠣᠭᠤᠷᠤᠯ ᠢᠩᠭᠡ ᠴᠤ

ᠣᠶᠠᠯᠭᠠᠨ ᠬᠠᠢ᠌ᠯᠭᠠᠨ ᠳᠣᠢ᠌ᠭ ᠤᠨ ᠳᠠᠭᠤ ᠳᠤ ᠴᠢᠨᠢ

ᠣᠶᠠᠰᠤᠨ ᠬᠠᠢ᠌ᠯᠠᠵᠤ ᠪᠣᠢ᠌ᠯᠠᠨ ᠪᠠᠢ᠌ᠵᠤ

ᠪᠣᠳᠤᠭᠤ ᠪᠠᠨ ᠳᠤᠯᠤᠭᠠᠵᠤ ᠢᠪᠢᠯᠳᠡᠭ᠌ ᠶᠤᠮ

ᠪᠣᠯᠪᠠᠷᠠᠢ᠌ᠬᠠᠨ ᠭᠠᠷ ᠤᠨ ᠭᠢᠨᠢ ᠰᠢᠪᠳᠤᠷᠠᠭᠠᠨ ᠳ᠋ᠤ

ᠪᠣᠷ ᠥᠭᠡᠷ ᠤᠨ ᠳᠠᠯᠠᠩ ᠣᠶᠠᠷᠠᠭᠠᠤᠨ

ᠪᠣᠭᠤᠷᠠᠯ ᠴᠠᠭᠠᠨ ᠰᠦ᠋ ᠪᠠᠨ

ᠪᠣᠯᠠᠭ ᠤᠨ ᠣᠰᠤ ᠰᠢᠭ ᠣᠠᠳᠤᠷᠤᠭᠤᠯᠳᠠᠭ ᠶᠤᠮ

ᠣᠳᠠᠨ ᠤ ᠨᠠᠢ᠌ᠭᠤᠭ᠎ᠠ ᠰᠢᠭ ᠪᠠᠶ᠎ᠠ ᠪᠠᠨ ᠴᠢ

ᠣᠷᠠᠯᠠᠵᠤ ᠭᠠᠩᠭ᠋ᠠᠯᠠᠬᠤ ᠳᠤ ᠳᠤᠷᠠᠳᠠᠢ ᠶᠤᠮ

ᠣᠶᠤᠨ ᠤ ᠭᠡᠷᠡᠯᠳᠤ ᠴᠤᠯᠮᠤᠨ ᠢ

ᠣᠠᠠᠠᠭᠠᠨ ᠳᠠᠭᠠᠨ ᠭᠢᠯᠠᠯᠵᠠᠭᠤᠯᠬᠤ ᠪᠠᠬᠠᠳᠠᠢ ᠶᠤᠮ

ᠣᠴᠢᠷᠳᠠᠢ᠌ᠬᠠᠨ ᠢᠨᠢᠶᠡᠭᠦ ᠳᠤ ᠴᠢᠨᠢ ᠵᠠᠯᠠᠭᠤᠴᠤᠳ

ᠣᠬᠠᠭ᠎ᠠ ᠵᠢᠯᠤᠭᠤ ᠦᠭᠡᠶ ᠰᠤᠭᠳᠤᠳᠠᠭ ᠶᠤᠮ

ᠠᠮᠠᠷᠠᠭ ᠰᠡᠳᠭᠢᠯ ᠳᠦᠷᠦᠴᠢᠭᠡᠳ

ᠠᠮᠤᠷ ᠳᠠᠢ᠌ᠪᠣᠩ ᠰᠠᠭᠤᠯᠭᠠᠳᠠᠭ ᠦᠭᠡᠶ ᠶᠤᠮ

ᠢᠳᠡᠭᠡᠯ ᠵᠢᠷᠮᠦᠰᠦᠯᠡᠭ᠍ᠰᠡᠨ ᠨᠢᠳᠤ ᠶᠢ ᠴᠢ

ᠢᠨᠠᠭ ᠳᠤᠷᠠᠯᠠᠯ ᠰᠢᠳᠦᠭᠡᠨ ᠪᠣᠯᠭᠠᠳᠠᠭ

ᠢᠨᠢᠶᠠᠳᠠᠢ ᠵᠠᠯᠢᠬᠠᠢ ᠨᠢᠳᠤ ᠶᠢ ᠴᠢ

ᠢᠨᠠᠭ ᠬᠠᠢ᠌ᠷ᠎ᠠ ᠶᠢᠨ ᠳᠠᠢ᠌ᠰᠤᠨ ᠪᠣᠯᠭᠠᠳᠠᠭ

ᠴᠢ ᠭᠡᠳᠡᠭ᠌ ᠥᠭᠡ ᠥᠭᠡᠢ

ᠴᠢᠭ᠍ᠴᠢ ᠢᠨᠢᠶᠡᠮᠰᠦᠭᠯᠡᠯ ᠲᠡᠶ ᠪᠦᠰᠡᠭᠦᠢ ᠮᠢᠨᠢ

ᠴᠢᠷᠠᠢ ᠨᠢᠭᠤᠷ ᠲᠤ ᠪᠠᠨ ᠰᠤᠷᠪᠢ ᠥᠭᠡᠢ

ᠴᠠᠪᠠᠷ ᠠᠷᠢᠭᠤᠨ ᠳᠠᠭᠢᠨᠢ ᠮᠢᠨᠢ

ᠵᠢᠷᠭᠤᠭᠠᠨ ᠳᠠᠷᠮ᠎ᠠ ᠲᠡᠶ ᠭᠡᠷ ᠤᠨ ᠮᠢᠨᠢ

ᠵᠤᠯᠠ ᠶᠢᠨ ᠭᠢᠨᠢ ᠭᠡᠷᠡᠯ ᠨᠢ ᠳᠠ ᠪᠢᠯᠠ

ᠳᠤᠯᠠᠭᠠᠨ ᠪᠦᠯᠢᠶᠡᠨ ᠠᠮᠢᠳᠤᠷᠠᠯ ᠤᠨ ᠮᠢᠨᠢ

ᠳᠤᠯᠭ᠎ᠠ ᠶᠢᠨ ᠭᠢᠨᠢ ᠭᠠᠯ ᠨᠢ ᠳᠠ ᠪᠢᠯᠠ

ᠬᠠᠩᠭ᠋ᠠᠢ ᠴᠡᠭᠡᠵᠢᠨ ᠤ ᠬᠤᠶᠠᠷ ᠭᠦᠭᠦ ᠡᠴᠠ

ᠬᠠᠢ᠌ᠷ᠎ᠠ ᠪᠠᠷ ᠣᠠᠳᠤᠷᠠᠳᠠᠭ ᠣᠭᠤᠷᠠᠭ ᠶᠢᠡᠨ ᠴᠢ

ᠬᠠᠯᠳᠠᠷ ᠪᠣᠷᠤ ᠭᠦᠤ ᠳᠤ ᠮᠢᠨᠢ

ᠬᠠᠷᠠᠮᠴᠢ ᠦᠭᠡᠶ ᠰᠡᠳᠬᠢᠯ ᠶᠢᠡᠷ ᠭᠦᠭᠦᠭᠦᠯᠦᠭ᠍ᠰᠡᠨ ᠪᠣᠯᠬᠠᠤᠷ

ᠭᠥ ᠦᠭᠡᠶ ᠠᠷᠢᠭᠤᠨ ᠬᠠᠢ᠌ᠷ᠎ᠠ ᠶᠢ ᠴᠢᠨᠢ

ᠭᠦᠭ᠍ᠵᠢᠭᠦ ᠭᠠᠯ ᠤᠨ ᠰᠤᠷ ᠪᠣᠯᠭᠠᠨᠠᠮ

ᠥᠭ᠍ᠳᠡᠭ᠌ ᠡᠴᠠ ᠪᠢᠰᠢ ᠲᠦᠯᠤᠵᠤ ᠪᠣᠯᠤᠰᠢ ᠦᠭᠡᠶ

ᠦᠨᠡᠠᠴᠢ ᠬᠠᠢ᠌ᠷ᠎ᠠ ᠶᠢᠨ ᠰᠢᠳᠦᠭᠡᠨ ᠳᠠᠭᠢᠨᠠᠮ

ᠣᠶᠤᠳᠠᠯᠴᠢᠨ ᠪᠦᠰᠡᠭᠦᠢ ᠵᠡᠭᠦᠤ ᠠᠯᠳᠠᠭᠤᠯᠤᠮ᠎ᠠ

ᠣᠶᠠᠬᠠᠨ ᠴᠡᠭᠡᠯᠭᠡᠨ ᠳᠠᠭᠤᠤ ᠲᠡᠶ ᠳᠠᠭᠠᠨ ᠪᠢᠰᠢ

ᠣᠭᠢᠯᠠᠩᠬᠠᠢ ᠪᠣᠷᠤ ᠨᠢᠰᠤᠬᠠᠢ ᠶᠢ ᠮᠢᠨᠢ

ᠣᠶᠠᠷᠠᠭᠤᠨ ᠪᠦᠦᠪᠠᠢ ᠪᠠᠷ ᠶᠢᠡᠨ ᠰᠠᠭᠠᠳᠠᠭᠤᠯᠳᠠᠭ ᠳᠠᠭᠠᠨ

ᠬᠠᠷ᠎ᠠ ᠨᠢᠳᠤᠨ ᠪᠦᠰᠡᠭᠦᠢ ᠴᠢ ᠮᠢᠨᠢ

ᠬᠠᠮᠢᠭ᠎ᠠ ᠣᠳᠤᠪᠠᠴᠤ ᠵᠢᠷᠭᠠᠯᠠᠩᠳᠠᠢ

ᠡᠷ᠎ᠡ ᠭᠦᠮᠤᠨ ᠤ ᠭᠦᠵᠦᠭᠦᠤ ᠵᠥᠭᠡᠯᠡᠷᠡᠭᠦᠯᠦᠮ᠎ᠡ

ᠢᠨᠢᠶᠠᠳᠤ ᠠᠯᠳᠠᠭᠰᠠᠨ ᠨᠢᠳᠤ ᠪᠠᠷ ᠶᠢᠡᠨ ᠪᠢᠰᠢ

ᠡᠭᠡ ᠭᠦᠮᠤᠨ ᠳᠤ ᠯᠠ ᠵᠠᠶ‍ᠠᠭᠠᠭᠳᠠᠠᠭᠰᠠᠨ

ᠡᠨᠡᠷᠢᠩᠭᠦᠢ ᠵᠥᠭᠡᠯᠡᠨ ᠬᠠᠷᠠᠴᠠ ᠲᠡᠶ ᠳᠠᠭᠠᠨ

ᠬᠠᠷ᠎ᠠ ᠨᠢᠳᠤᠨ ᠪᠦᠰᠡᠭᠦᠢ ᠴᠢ ᠮᠢᠨᠢ

ᠬᠠᠷᠢ ᠬᠤᠯᠠ ᠳᠤ ᠶᠠᠪᠣᠪᠠᠴᠤ

ᠭᠦᠮᠦᠯᠢᠭ᠌ ᠨᠠᠠᠳᠢᠨ ᠴᠢᠨᠠᠷ ᠢ ᠴᠢᠨᠢ

ᠭᠦᠮᠤᠨ ᠠᠷᠠᠤᠨ ᠳᠡᠭᠡᠳᠦᠯᠡᠵᠤ ᠶᠠᠪᠣᠳᠠᠠᠭ

ᠬᠤᠠᠳᠠᠭᠠᠨ ᠴᠠᠭᠠᠨ ᠬᠤᠶᠠᠷ ᠭᠠᠷ ᠴᠢᠨᠢ

ᠬᠤᠨ ᠤ ᠨᠤᠯᠤᠤᠷ ᠰᠢᠭ᠌ ᠵᠥᠭᠡᠯᠡᠨ ᠳᠤ ᠪᠠᠨ ᠪᠢᠰᠢ

ᠠᠮᠠᠨ ᠳᠤ ᠣᠷᠤᠨ ᠬᠠᠢ᠌ᠯᠤᠮ᠎ᠠ

ᠠᠭᠠᠷᠤᠤᠯ ᠳᠤᠰᠤ ᠶᠢ ᠮᠢᠨᠢ ᠭᠢᠳᠡᠭ᠌ ᠲᠤ ᠪᠠᠨ

ᠬᠠᠷ᠎ᠠ ᠨᠢᠳᠤᠨ ᠪᠦᠰᠡᠭᠦᠢ ᠴᠢ ᠮᠢᠨᠢ

ᠬᠠᠮᠢᠭ᠎ᠠ ᠣᠳᠤᠪᠠᠴᠤ ᠵᠢᠷᠭᠠᠯᠠᠩᠳᠠᠢ

ᠬᠠᠷ᠎ᠠ ᠨᠢᠳᠤᠨ ᠪᠦᠰᠡᠭᠦᠢ ᠴᠢ ᠮᠢᠨᠢ

ᠬᠠᠷᠠᠴᠠ ᠳᠡᠭᠡᠷ᠎ᠡ ᠪᠠᠨ ᠪᠦᠦᠪᠠᠢ ᠲᠡᠶ ᠶᠤᠮ

ᠬᠠᠷᠢ ᠶᠢᠨ ᠵᠠᠯᠠᠭᠤ ᠬᠠᠷᠢᠬᠤ ᠪᠠᠨ ᠮᠠᠷᠳᠠᠭᠠᠤᠨ

ᠬᠠᠨᠢᠯᠠᠨ ᠰᠠᠭᠤᠴᠢᠬᠠᠮᠠᠷ ᠬᠠᠷᠠᠴᠠ ᠲᠡᠶ ᠶᠤᠮ᠃


ᠬᠤᠶᠠᠷ᠂ ᠬᠠᠢ᠌ᠷ᠎ᠠ ᠶᠢᠨ ᠳᠠᠭᠢᠯ ᠲᠡᠶ ᠬᠠᠷ᠎ᠠ ᠨᠢᠳᠤᠨ


ᠦᠷᠦᠭᠡ ᠭᠡᠷ ᠤᠨ ᠬᠣᠢ᠌ᠮᠤᠷ ᠳᠤᠯᠠᠭᠠᠯᠠᠭᠰᠠᠨ

ᠥᠭᠡᠳᠡ ᠭᠡᠢ᠌ᠮᠦᠷᠢ ᠶᠢᠨ ᠦᠯᠵᠠᠢ ᠪᠣᠶᠠᠨ

ᠡᠪ ᠨᠠᠢ᠌ᠷ ᠤᠨ ᠰᠢᠳᠦᠭᠡᠨ ᠳᠠᠭᠢᠠᠠᠰᠠᠨ

ᠡᠩᠭᠡ ᠠᠮᠢᠳᠤᠷᠠᠯ ᠤᠨ ᠪᠦᠯᠭᠦᠮᠳᠡᠯ ᠤᠨ ᠨᠠᠷᠠ

ᠬᠠᠢ᠌ᠷᠠᠳᠤ ᠮᠢᠨᠢ ᠬᠠᠢ᠌ᠷᠠᠳᠤ ᠮᠢᠨᠢ

ᠬᠠᠢ᠌ᠷ᠎ᠠ ᠶᠢᠨ ᠳᠠᠭᠢᠯ ᠲᠡᠶ ᠪᠣᠷᠠᠬᠠᠨ ᠮᠢᠨᠢ

ᠠᠵᠠ ᠶᠢᠨ ᠳᠡᠯᠭᠡᠢ ᠳᠤ ᠵᠢᠷᠦᠭᠡᠨ ᠤ ᠭᠠᠭᠴᠠ

ᠠᠷᠢᠭᠠᠤᠨ ᠰᠡᠳᠬᠢᠯ ᠲᠡᠶ ᠬᠤᠩᠭ᠋ᠤᠷ ᠮᠢᠨᠢ᠃

ᠠᠯᠳᠠᠭ᠎ᠠ ᠳᠤᠳᠠᠠᠠᠳᠠᠯ ᠢ ᠠᠯᠳᠠᠯ ᠦᠭᠡᠶ ᠵᠢᠭᠠᠳᠠᠭ

ᠠᠮᠠᠷᠠᠭ ᠬᠠᠢ᠌ᠷ᠎ᠠ ᠶᠢᠨ ᠭᠡᠭᠡᠨ ᠳᠤᠯᠢ

ᠠᠳᠠᠯ ᠠᠮᠢᠳᠤᠷᠠᠯ ᠤᠨ ᠭᠡᠢ᠌ᠮᠦᠷᠢ ᠳᠡᠯᠭᠡᠭ᠍ᠰᠡᠨ

ᠠᠵᠠ ᠵᠢᠷᠭᠠᠯ ᠤᠨ ᠠᠯᠳᠠᠨ ᠳᠤᠩᠬᠠᠭ

ᠬᠠᠢ᠌ᠷᠠᠳᠤ ᠮᠢᠨᠢ ᠬᠠᠢ᠌ᠷᠠᠳᠤ ᠮᠢᠨᠢ

ᠬᠠᠢ᠌ᠷ᠎ᠠ ᠶᠢᠨ ᠳᠠᠭᠢᠯ ᠲᠡᠶ ᠪᠣᠷᠬᠠᠨ ᠮᠢᠨᠢ

ᠠᠵᠠ ᠶᠢᠨ ᠳᠡᠯᠭᠡᠢ ᠳᠤ ᠵᠢᠷᠦᠭᠡᠨ ᠭᠠᠭᠴᠠ

ᠠᠷᠢᠭᠤᠨ ᠰᠡᠳᠬᠢᠯ ᠲᠡᠶ ᠬᠤᠩᠭ᠋ᠤᠷ ᠮᠢᠨᠢ᠃

ᠬᠠᠷᠠᠬᠤ ᠳᠤᠰᠤᠮ ᠶᠢᠡᠨ ᠬᠠᠢ᠌ᠷ᠎ᠠ ᠪᠠᠳᠠᠷᠠᠭᠠᠭᠰᠠᠨ

ᠬᠠᠯᠠᠭᠤᠨ ᠵᠢᠷᠦᠭᠡᠨ ᠤ ᠭᠠᠯᠳᠤ ᠳᠣᠢ᠌ᠮᠠᠷ

ᠬᠠᠨᠢᠯᠠᠨ ᠰᠠᠭᠤᠬᠤ ᠵᠠᠶᠠᠭ᠎ᠠ ᠲᠡᠶ ᠳᠦᠷᠦᠭ᠍ᠰᠡᠨ

ᠬᠠᠢ᠌ᠷ᠎ᠠ ᠰᠡᠳᠭᠢᠯ ᠤᠨ ᠠᠮᠢᠨ ᠰᠤᠳᠠᠰᠤ

ᠬᠠᠢ᠌ᠷᠠᠳᠤ ᠮᠢᠨᠢ ᠬᠠᠢ᠌ᠷᠠᠳᠤ ᠮᠢᠨᠢ

ᠬᠠᠢ᠌ᠷ᠎ᠠ ᠶᠢᠨ ᠳᠠᠭᠢᠯ ᠲᠡᠶ ᠪᠣᠷᠬᠠᠨ ᠮᠢᠨᠢ

ᠠᠵᠠ ᠶᠢᠨ ᠳᠡᠯᠭᠡᠢ ᠳᠤ ᠵᠢᠷᠦᠭᠡᠨ ᠤ ᠭᠠᠭᠴᠠ

ᠠᠷᠢᠭᠤᠨ ᠰᠡᠳᠬᠢᠯ ᠲᠡᠶ ᠬᠤᠩᠭ᠋ᠤᠷ ᠮᠢᠨᠢ᠃

ᠠᠬᠠᠰ ᠶᠡᠭᠡᠰ ᠠᠴᠢᠯᠠᠨ ᠳᠡᠭᠡᠳᠦᠯᠡᠭᠦ

ᠠᠭᠠᠯᠢ ᠰᠠᠢ᠌ᠳᠠᠢ ᠡᠨᠡᠷᠢᠯ ᠤᠨ ᠰᠠᠭᠢᠭᠤᠰᠤ

ᠠᠮᠢᠳᠤᠷᠠᠯ ᠤᠨ ᠵᠠᠮ ᠳᠤ ᠢᠳᠡᠭᠡᠨ ᠬᠠᠨᠢᠯᠠᠭᠰᠠᠨ

ᠠᠷᠢᠭᠤᠨ ᠭᠤᠯᠤᠮᠳᠠ ᠶᠢᠨ ᠣᠠᠳᠠᠷᠠᠰᠢ ᠦᠭᠡᠶ ᠭᠠᠯ

ᠬᠠᠢ᠌ᠷᠠᠳᠤ ᠮᠢᠨᠢ ᠬᠠᠢ᠌ᠷᠠᠳᠤ ᠮᠢᠨᠢ

ᠬᠠᠢ᠌ᠷ᠎ᠠ ᠶᠢᠨ ᠳᠠᠭᠢᠯ ᠲᠡᠶ ᠪᠣᠷᠬᠠᠨ ᠮᠢᠨᠢ

ᠠᠵᠠ ᠶᠢᠨ ᠳᠡᠯᠭᠡᠢ ᠳᠤ ᠵᠢᠷᠦᠭᠡᠨ ᠤ ᠭᠠᠭᠴᠠ

ᠠᠷᠢᠭᠤᠨ ᠰᠡᠳᠬᠢᠯ ᠲᠡᠶ ᠬᠤᠩᠭ᠋ᠤᠷ ᠮᠢᠨᠢ


ᠭᠤᠷᠪᠠ᠂ ᠬᠠᠷᠠᠴᠠ ᠳ᠋ᠠᠭᠠᠨ ᠰᠢᠳᠢ ᠲᠡᠶ ᠬᠠᠷ᠎ᠠ ᠨᠢᠳᠤᠨ


ᠣᠨ ᠣᠨ ᠪᠣᠯᠬᠤ ᠨᠠᠭᠠᠳᠤᠮ ᠨᠠᠢ᠌ᠷ ᠲᠤ

ᠣᠯᠠᠨ ᠵᠠᠯᠭᠤᠴᠤᠳ ᠤᠨ ᠳᠤᠮᠳᠠ ᠡᠴᠠ ᠴᠢ ᠮᠢᠨᠢ

ᠣᠮᠤᠭᠯᠠᠩ ᠵᠠᠩ ᠭᠠᠷᠭᠠᠪᠠᠴᠤ

ᠭᠤᠭ᠎ᠠ ᠲᠡᠶ ᠢᠨᠠᠭ ᠤᠨ ᠨᠢᠳᠤ ᠪᠠᠷ

ᠭᠤᠤᠯ ᠢ ᠰᠤᠭᠤᠯᠳᠠᠯ᠎ᠠ ᠢᠨᠢᠶᠡᠴᠢᠭᠡᠳ

ᠶᠠᠭᠠᠨ ᠬᠠᠴᠠᠷ ᠶᠢᠡᠨ ᠣᠯᠪᠠᠯᠵᠠᠭᠤᠯᠤᠨ

ᠶᠠᠩᠭᠢᠷ ᠶᠤᠮ ᠰᠢᠭ᠌ ᠬᠤᠯᠠᠳᠠᠭᠠᠤᠨ ᠶᠠᠪᠣᠭᠰᠠᠨ

ᠬᠠᠷ᠎ᠠ ᠨᠢᠳᠤᠨ ᠴᠢᠮ᠎ᠠ ᠳᠠᠢ

ᠬᠠᠷᠠᠴᠠ ᠳᠤᠯᠭᠠᠷᠠᠭᠰᠠᠨ ᠳᠡᠷᠡᠭᠡᠨ ᠴᠠᠭ ᠡᠴᠠ

ᠳᠡᠭᠡᠭᠡᠳ ᠠᠭᠠᠤᠯᠵᠠᠬᠤ ᠵᠠᠪᠰᠢᠶᠠᠨ ᠪᠣᠯᠤᠭᠠᠰᠠᠢ ᠭᠡᠵᠤ

ᠪᠣᠳᠤᠬᠤ ᠳᠤᠰᠤᠮ ᠶᠢᠡᠨ ᠮᠦᠷᠦᠭᠡᠳᠦᠯ ᠳᠤ ᠠᠪᠳᠠᠭᠳᠠᠵᠤ

ᠪᠣᠳᠤᠯᠭ᠎ᠠ ᠶᠢᠨ ᠭᠦᠨ ᠳᠤ ᠴᠢᠪᠭᠡᠭᠦ ᠴᠤ ᠪᠣᠯᠤᠯ᠎ᠠ

ᠪᠣᠯᠬᠤ ᠦᠭᠡᠶ ᠶᠠᠷᠤ ᠰᠠᠭᠤᠵᠤ ᠴᠢᠳᠠᠬᠤ ᠥᠭᠡᠢ

ᠪᠣᠰᠤᠭᠠᠤᠨ ᠴᠢᠮ᠎ᠠ ᠣᠷᠤᠭᠤ ᠭᠦᠶ‍ᠦᠮᠡᠷ ᠴᠤ ᠪᠣᠯᠤᠯ᠎ᠠ

ᠬᠠᠶᠠ ᠵᠠᠷᠢᠮ ᠳᠤ ᠪᠠᠨ ᠬᠠᠯᠴᠠ ᠬᠠᠷᠭᠤᠯᠳᠤᠬᠤ ᠳ᠋ᠤ

ᠬᠠᠮᠤᠭ ᠪᠠᠶ᠎ᠠ ᠬᠠᠯᠠᠭᠤᠨ ᠣᠷᠭᠢᠳᠠᠭ ᠴᠤ ᠪᠣᠯᠤᠯ᠎ᠠ

ᠤᠢ᠌ᠷᠠᠳᠴᠤ ᠭᠦᠷᠦᠭᠡᠳ ᠥᠭᠡᠷᠡᠳᠡᠭᠦ ᠰᠠᠨᠠᠭ᠎ᠠ ᠲᠡᠶ ᠴᠤ

ᠤᠢ᠌ᠷᠠᠳᠴᠤ ᠴᠢᠳᠠᠬᠤ ᠦᠭᠡᠶ ᠵᠢᠷᠦᠭᠡ ᠳᠦᠭ᠍ᠰᠢᠳᠡᠭ᠌ ᠪᠣᠯᠤᠯ᠎ᠠ

ᠣᠠᠳᠠᠬᠤ ᠦᠶ᠎ᠡ ᠳᠤ ᠪᠣᠳᠤᠯ ᠳᠤ ᠣᠷᠤᠭᠠᠤᠨ

ᠣᠷᠪᠠᠨ ᠭᠦᠷᠪᠠᠨ ᠨᠣᠢ᠌ᠷ ᠠᠯᠳᠠᠳᠠᠭ ᠪᠣᠯᠤᠯ᠎ᠠ

ᠣᠠᠳᠠᠭᠰᠠᠨ ᠤ ᠬᠣᠢ᠌ᠨ᠎ᠠ ᠵᠡᠭᠦᠳᠤᠨ ᠳᠤ ᠣᠷᠤᠭᠠᠤᠨ

ᠣᠴᠠᠷᠠᠬᠤ ᠰᠠᠢ᠌ᠬᠠᠨ ᠵᠢᠷᠭᠠᠯ ᠥᠭ᠍ᠳᠡᠭ᠌ ᠴᠤ ᠪᠣᠯᠤᠯ᠎ᠠ

ᠡᠣᠠᠳᠤᠤ ᠭᠦᠮᠤᠨ ᠳᠤ ᠳᠤᠷᠠᠯᠠᠴᠢᠬᠠᠬᠤ ᠪᠣᠢ ᠭᠡᠭᠦ ᠡᠴᠠ

ᠣᠩᠭ᠋ᠤᠨ ᠬᠠᠢ᠌ᠷ᠎ᠠ ᠲᠤ ᠪᠠᠨ ᠬᠠᠷᠠᠳᠠᠢ ᠶᠠᠪᠣᠯ᠎ᠠ

ᠭᠡᠨ ᠳᠤ ᠴᠤ ᠴᠢᠮᠢ᠋ᠢ ᠠᠯᠳᠠᠬᠤ ᠦᠭᠡᠶ ᠭᠡᠵᠤ

ᠭᠡᠨᠡᠨ ᠪᠣᠳᠤᠯ ᠲᠠᠭᠠᠨ ᠬᠠᠷᠠᠮᠯᠠᠵᠤ ᠶᠠᠪᠣᠯ᠎ᠠ᠃



ᠵᠤᠬᠢᠶᠠᠭᠴᠢ ᠶᠢᠨ ᠬᠠᠶ‍ᠢᠭ᠄ ᠪᠣᠷᠤᠳᠠᠯ᠎ᠠ ᠬᠤᠳᠠ ᠶᠢᠨ ᠠᠵᠤ ᠣᠢ᠌ᠯᠠᠳᠪᠣᠷᠢ ᠬᠤᠳᠠᠯᠳᠤᠭᠠᠨ ᠤ ᠵᠠᠰᠠᠭ ᠵᠠᠭᠢᠷᠭᠠᠨ ᠤ ᠬᠠᠮᠢᠶᠠᠷᠤᠯᠳᠠ ᠶᠢᠨ ᠳᠤᠪᠴᠢᠶᠠᠨ

ᠵᠤᠬᠢᠶᠠᠭᠴᠢ᠄ ᠫᠣ·ᠪᠠᠭᠠᠳᠤᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2614
ᠴᠠᠭ᠄ 2010 ᠤᠨ ᠤ 06 ᠰᠠᠷ᠎ᠠ ᠶᠢᠨ 18
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ