ᠨᠡᠪᠲᠡᠷᠡᠨ ᠤᠷᠤᠬᠤ
ᠳᠠᠯ᠎ᠠ ᠶᠢᠨ ᠨᠠᠮᠤᠷ

ᠳᠠᠯ᠎ᠠ ᠶᠢᠨ ᠨᠠᠮᠤᠷ ᠶ‍ᠸᠯᠢ ᠲᠡᠶ ᠴᠤ ᠶᠤᠮ ᠦᠦ ︖

ᠳᠠᠷᠠᠭ ᠠᠢ᠌ᠷᠠᠭ ᠤᠨ ᠦᠨᠦᠷ ᠲᠡᠶ ᠴᠤ ᠶᠤᠮ ᠦᠦ︖

ᠡᠵᠢ ᠶᠢᠨ ᠮᠢᠨᠢ ᠨᠡᠷᠡᠭ᠍ᠰᠡᠨ ᠰᠠᠭᠠᠯᠠᠢ ᠶᠢᠨ ᠠᠷᠢᠭᠢᠨ ᠳᠤ

ᠡᠯᠳᠡᠩ ᠳᠠᠯ᠎ᠠ ᠴᠤ ᠰᠤᠭᠳᠤᠴᠢᠬᠠᠪᠠᠤ ᠭᠡᠮᠡᠷᠭᠡᠨ᠃


ᠨᠠᠮᠤᠷ ᠤᠨ ᠠᠭᠤᠯᠠᠰ ᠰᠤᠭᠳᠤᠪᠠᠤ ᠭᠡᠮᠡᠷᠭᠡᠨ

ᠣᠷᠤᠢ ᠡᠴᠡ ᠪᠠᠨ ᠰᠢᠷᠠᠯᠠᠵᠤ ᠡᠭᠢᠯᠡᠯ᠎ᠡ᠂

ᠨᠠᠭᠤᠷ ᠤᠨ ᠣᠰᠤᠨ ᠰᠤᠭᠳᠤᠪᠠᠤ ᠭᠡᠮᠡᠷᠭᠡᠨ

ᠨᠢᠳᠤ ᠨᠢ ᠳᠤᠭᠳᠠᠵᠤ ᠭᠦᠯᠦᠷᠡᠯ᠎ᠡ᠂

ᠣᠷᠳᠤ ᠣᠭᠳᠠᠷᠭᠤᠢ ᠳᠤ ᠭᠠᠯᠠᠭᠤᠳ ᠰᠤᠭᠳᠤᠵᠤ

ᠳᠡᠭᠡᠰᠤ ᠴᠢᠩᠭ᠋ᠠᠯᠴᠢᠨ ᠭᠠᠩᠭ᠋ᠠᠨᠠᠯᠳᠤᠵᠤ

ᠣᠯᠠᠯᠵᠢ ᠶᠢᠨ ᠢᠷᠤᠭᠠᠷ ᠵᠠᠷᠠᠭ᠎ᠠ ᠰᠤᠭᠳᠤᠵᠤ

ᠬᠠᠮ ᠬᠤᠭᠤᠯᠠᠢ ᠪᠠᠷ ᠠᠶᠠᠯᠠᠭᠤᠯᠤᠨ᠎ᠠ᠂

ᠨᠠᠪᠴᠢ ᠴᠡᠴᠡᠭ᠌ ᠰᠤᠭᠳᠤᠪᠠᠤ ᠭᠡᠮᠡᠷᠭᠡᠨ

ᠳᠠᠯᠪᠢ ᠪᠠᠨ ᠳᠠᠯ᠎ᠠ ᠵᠥᠭ᠌ ᠰᠠᠴᠤᠯᠠᠨ᠂

ᠨᠠᠷᠢᠮᠤ᠂ ᠰᠢᠰᠢ ᠰᠤᠭᠳᠤᠪᠠᠤ ᠭᠡᠮᠡᠷᠭᠡᠨ

ᠳᠤᠯᠤᠭᠠᠢ ᠳᠠᠷᠤᠨ ᠳᠤᠭᠢᠯᠵᠠᠨ᠎ᠠ᠂

ᠣᠷᠭᠤᠴᠠ ᠰᠠᠢ᠌ᠳᠠᠢ ᠪᠠᠯᠴᠢᠭᠡᠷ ᠰᠤᠭᠳᠤᠵᠤ

ᠰᠠᠯᠭᠢᠨ ᠤ ᠠᠶᠠᠰ ᠶᠢᠡᠷ ᠨᠠᠢ᠌ᠭᠤᠯᠴᠢᠨ

ᠡᠰᠢ ᠪᠠᠨ ᠳᠠᠷᠤᠭᠰᠠᠨ ᠵᠢᠮᠢᠰ ᠰᠤᠭᠳᠤᠵᠤ

ᠨᠢᠭᠤᠷ ᠴᠢᠷᠠᠢ ᠪᠠᠨ ᠣᠯᠠᠢ᠌ᠯᠭᠠᠨ᠎ᠠ

ᠳᠠᠯ᠎ᠠ ᠶᠢᠨ ᠨᠠᠮᠤᠷ ᠶ‍ᠸᠯᠢ ᠲᠡᠶ ᠶᠤᠮ ᠦᠦ︖

ᠳᠠᠷᠠᠭ ᠠᠢ᠌ᠷᠠᠭ ᠤᠨ ᠦᠨᠦᠷ ᠲᠡᠶ ᠴᠤ ᠶᠤᠮ ᠦᠦ︖

ᠡᠵᠢ ᠶᠢᠨ ᠮᠢᠨᠢ ᠨᠡᠷᠡᠭ᠍ᠰᠡᠨ ᠰᠠᠭᠠᠯᠢ ᠶᠢᠨ ᠠᠷᠢᠭᠢᠨ ᠳᠤ

ᠡᠯᠳᠡᠩ ᠳᠠᠯ᠎ᠠ ᠰᠤᠭᠳᠤᠪᠠᠤ ᠭᠡᠮᠡᠷᠭᠡᠨ᠂


ᠵᠤᠬᠢᠶᠠᠭᠴᠢ ᠶᠢᠨ ᠬᠠᠶ‍ᠢᠭ᠄ ᠪᠠᠭᠡᠵᠢᠩ ᠬᠤᠳᠠ ᠶᠢᠨ ᠨᠠᠢ᠌ᠷᠠᠯᠳᠤ ᠨᠠᠢ᠌ᠷᠠᠮᠳᠠᠬᠤ ᠰᠦᠮ᠎ᠡ ᠶᠢᠨ 12 ᠨᠤᠮᠸᠷ

ᠵᠤᠬᠢᠶᠠᠭᠴᠢ᠄ ᠪᠣᠷᠵᠢᠭᠢᠨ·ᠮᠦᠩᠬᠡ‍ᠤ᠋ᠳᠽᠡᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2626
ᠴᠠᠭ᠄ 2010 ᠤᠨ ᠤ 06 ᠰᠠᠷ᠎ᠠ ᠶᠢᠨ 22
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ