☆ ᠳ·ᠰᠤᠳᠨᠠᠮ
ᠬᠤᠷᠢᠮ ᠤᠨ ᠣᠷᠢᠯᠭ᠎ᠠ
ᠦᠨᠡᠨ ᠳᠤ ᠬᠤᠷᠭᠢᠷᠠᠳᠠᠯᠠ ᠣᠠᠳᠠᠵᠤ ᠰᠡᠷᠢᠭᠡᠳ ᠬᠤᠶᠠᠷ ᠴᠠᠭ ᠤᠨ ᠬᠤᠭᠤᠯᠠ ᠪᠠᠨ ᠠᠭᠠᠵᠢᠮᠬᠠᠨ ᠵᠤᠬᠢᠶᠠᠵᠤ᠂ ᠠᠮᠳᠠᠳᠠᠢ᠌ᠬᠠᠨ ᠵᠤᠭᠤᠭᠯᠠᠬᠤ ᠠᠵᠠ ᠶᠢᠨ ᠰᠠᠢ᠌ᠬᠠᠨ ᠭᠠᠷᠠᠭ ᠤᠨ ᠡᠳᠦᠷ ᠢ ᠥᠭᠦᠯ ᠳᠠᠭᠠᠷᠢᠭᠰᠠᠨ ᠫᠣᠤᠵᠢᠩ ᠤᠨ ᠫᠠᠷᠴᠢᠭᠢᠨᠠᠭᠠᠨ ᠠᠮᠳᠠᠳᠤ ᠨᠣᠢ᠌ᠷ ᠤᠨ ᠳᠤᠮᠳᠠ ᠡᠴᠠ ᠦᠷᠭᠦᠭᠡᠨ ᠠᠪᠴᠢᠷᠠᠪᠠ᠂
ᠬᠠᠢ ︕ ᠨᠡᠭᠡᠷᠡᠨ᠂ ᠪᠣᠰᠬᠤ ᠦᠭᠡᠶ ᠭᠡᠳ ᠶᠠᠭᠠᠭᠢᠨ᠎ᠠ ᠳ᠋ᠠ ︕ ᠦᠨᠦᠳᠤᠷ ᠴᠢᠨᠢ ᠬᠤᠳᠠᠯᠠ ᠲ᠋ᠠᠷᠤᠭ᠎ᠠ ᠶᠢᠨ ᠬᠤᠶᠠᠳᠤᠭᠠᠷ ᠭᠦᠤ ᠳᠤ ᠪᠠᠨ ᠪᠠᠷᠢ ᠪᠠᠭᠤᠯᠭᠠᠬᠤ ᠬᠤᠪᠢ ᠴᠠᠭᠠᠨ ᠡᠳᠦᠷ ᠡ ︕ ᠦᠴᠦᠭᠡᠳᠦᠷᠭᠡᠨ ᠬᠤ᠋ ᠳᠠᠷᠤᠭ᠎ᠠ ᠵᠢᠯᠤᠭᠠᠴᠢ ᠳᠤ ᠪᠠᠨ᠄ 《ᠮᠠᠷᠭᠠᠰᠢ ᠦᠳᠡ ᠪᠣᠯᠳᠠᠯ᠎ᠠ ᠮᠠᠰᠢᠨ ᠶᠢᠡᠷ ᠶᠢᠡᠨ ᠡᠳᠡᠭᠡᠷ ᠳᠠᠷᠤᠭ᠎ᠠ ᠶᠢ ᠮᠠᠷᠳᠠᠯ ᠦᠭᠡᠶ ᠵᠠᠯᠠᠭᠠᠤᠨ ᠢᠷ᠎ᠠ ︕ ᠪᠣᠰᠤᠳ ᠨᠢ ᠦᠪᠡᠷ ᠶᠢᠡᠨ ᠮᠡᠳᠡᠯᠭᠦᠢ ︕》 ᠭᠡᠳ ᠨᠢᠭᠡ ᠣᠪᠣᠭ᠎ᠠ ᠭᠤᠶᠤ ᠬᠠᠪᠢᠰᠤᠳᠤ ᠣᠷᠢᠯᠭ᠎ᠠ ᠶᠢᠨ ᠪᠢᠴᠢᠭ᠌ ᠭᠠᠷᠳᠠᠭᠤᠯᠭᠰᠠᠨ ᠶᠢᠡᠨ ᠪᠣᠳᠤᠰᠭᠢᠭᠠᠤᠨ ᠨᠠᠳᠠ ᠣᠷᠤᠭᠤ᠄ 《ᠴᠢ ᠪᠠᠰᠠ ᠣᠴᠠᠷᠠᠯᠳᠤ᠂ ᠮᠠᠳᠠᠯᠳᠤ ᠶᠢ ᠣᠷᠢᠭᠠᠤᠨ ᠢᠷ᠎ᠠ ︕ ᠪᠠᠰᠠ ᠯᠤᠤ ᠰᠤ᠋ ᠊᠊᠊᠊᠊᠊᠊᠊᠊᠊᠊᠊᠊᠊᠊ ᠰᠤᠷᠭᠠᠯᠳᠤ ᠶᠢ ᠵᠠᠯᠠᠴᠢᠬᠠ ︕》 ᠭᠡᠵᠤ ᠨᠠᠮᠬᠠᠨ ᠵᠠᠭᠢᠭᠰᠠᠨ ᠪᠣᠯᠪᠠᠴᠤ ᠨᠠᠳᠠ ᠳᠤ ᠪᠠᠨ ᠪᠣᠯ ᠳᠡᠭ᠍ᠷᠢ ᠪᠠᠭᠤᠭᠰᠠᠨ ᠪᠣᠯᠵᠤ᠂ ᠪᠦᠳᠤᠨ ᠰᠦᠨᠢ ᠠᠮᠤᠷ ᠣᠠᠳᠠᠵᠤ ᠴᠢᠳᠠᠭᠰᠠᠨ ᠦᠭᠡᠶ᠃
ᠪᠣᠶᠠᠨ ᠪᠣᠶᠠᠨ ᠲᠡᠶ ᠭᠡᠰᠡᠨ ᠨᠢ ᠪᠣᠰᠤᠳ ᠤᠨ ᠲ᠋ᠡᠷᠭᠡ ᠪᠠᠷ ᠮᠢᠳᠠᠢ᠌ᠵᠤ ᠪᠠᠭᠤᠨ᠎ᠠ᠂ ᠮᠤᠬᠤᠭᠠᠨ ᠤ ᠭᠡᠳᠤ ᠨᠢ ᠴᠤ ᠮᠤᠲ᠋ᠤᠷ ᠳᠡᠷᠭᠡ ᠪᠠᠷ ᠶᠢᠡᠨ ᠮᠤᠷᠳᠠᠭᠠᠤᠨ ᠭᠦᠷᠤᠨ᠎ᠡ᠃ ᠮᠠᠭᠤ ᠵᠠᠶᠠᠭᠠᠨ ᠳᠤ ᠪᠠᠨ ᠬᠠᠶᠠᠭᠳᠠᠭᠰᠠᠨ ᠪᠢ ᠯᠠ ᠪᠠᠯᠪᠠᠷᠬᠠᠢ ᠳᠤᠭᠤᠢ ᠪᠠᠨ ᠬᠠᠪᠴᠢᠵᠤ᠂ ᠪᠠᠭᠯᠠᠷᠠᠭᠰᠠᠨ ᠴᠣᠢ᠌ᠳᠠᠩ ᠤᠨ ᠳᠤᠯᠤᠭᠠᠢ ᠰᠢᠭ ᠭᠦᠮᠦᠰ ᠤᠨ ᠳᠤᠮᠳᠠ ᠬᠤᠮᠢᠭᠳᠠᠨ ᠣᠢ᠌ᠯᠭᠠᠨ ᠳᠤ ᠭᠠᠷᠤᠯ᠎ᠠ᠃
ᠵᠠᠮ ᠤᠨ ᠦᠷᠭᠡᠨ ᠮᠠᠳᠠᠵᠤ ᠵᠦᠷᠢᠯᠳᠦᠭᠦ ᠭᠦᠮᠦᠰ ᠭᠡᠵᠤ ᠶᠤᠰᠤᠳᠠᠢ ᠯᠠ ᠭᠠᠯᠪᠠ ᠳᠤᠯᠠᠳᠠ ᠪᠠᠭᠳᠠᠵᠤ᠂ ᠭᠠᠵᠠᠷ ᠳᠤᠯᠠᠳᠠ ᠳᠠᠭᠠᠭᠠᠵᠠᠢ᠃ ᠭᠠᠭᠴᠠ ᠭᠦ ᠬᠤᠷᠢᠮ ᠤᠨ ᠰᠢᠷᠡᠭᠡᠨ ᠡᠴᠠ ᠪᠠᠭᠤᠭᠰᠠᠤᠨ ᠯᠠ ᠬᠤᠳᠠᠯ ᠭᠡᠭᠡᠷᠡᠵᠤ ᠬᠠᠭᠤᠷᠮᠠᠭ ᠢᠨᠢᠶᠠᠵᠤ 《ᠣᠯᠠᠭᠠᠨ ᠪᠠᠭᠯᠠᠭ᠎ᠠ ᠪᠠᠨ ᠳᠤᠰᠢᠶᠠᠨ ᠠᠭᠤᠵᠢᠷᠠᠵᠤ ᠣᠯᠠᠮ ᠰᠠᠯᠵᠤ ᠶᠠᠳᠠᠨ ᠵᠢᠭᠤᠷᠠᠯᠳᠠᠬᠤ ᠨᠢ ᠨᠠᠢ᠌ᠷ ᠰᠡᠳᠬᠢᠯᠭᠡ ᠶᠢᠨ ᠥᠩᠭᠡ ᠪᠣᠳᠤᠭ ᠶᠢᠡᠷ ᠨᠠᠷᠭᠢᠶᠠᠠᠳᠤ ᠬᠤᠳᠠ ᠶᠢ ᠣᠯᠠᠷᠢᠭᠤᠯᠤᠨ ᠴᠢᠮᠡᠭᠯᠡᠵᠤ᠂ ᠣᠤᠠᠬ᠎ᠠ ᠠᠭᠤᠯᠭ᠎ᠠ ᠲᠡᠶ ᠪᠠᠷ ᠦᠨᠦᠳᠤᠷ ᠶᠢᠡᠨ ᠥᠩᠭᠡᠷᠡᠭᠦᠯᠦᠭᠡ ᠰᠢᠭ᠌ ᠣᠴᠢᠷᠯᠠᠨ᠎ᠠ᠃
ᠣᠯᠠᠨ ᠶᠠᠭᠤᠮ᠎ᠠ ᠶᠢ ᠰᠤᠨᠢᠬᠠᠬᠤ ᠪᠠᠨ ᠪᠠᠢ᠌ᠵᠤ 《ᠣᠭᠤᠭᠢᠯᠠᠨ》 ᠳᠠᠪᠭᠢᠭᠰᠠᠭᠠᠷ ᠣᠴᠠᠷᠠᠯᠳᠤ ᠶᠢᠨ ᠳᠤ ᠭᠦᠷᠪᠠᠯ ᠣᠭᠳᠤᠵᠤ ᠠᠪᠣᠭᠰᠠᠨ ᠨᠢ ᠪᠦᠳᠦᠭᠦᠨ ᠬᠠᠷ᠎ᠠ ᠣᠨᠢᠰᠤ ᠪᠠᠢ᠌ᠯ᠎ᠠ᠂ ᠨᠠᠷᠢᠪᠴᠢᠯᠠᠨ ᠠᠵᠢᠬᠤ ᠳᠤ ᠬᠠᠵᠠᠭᠤᠳᠠᠭᠢ ᠭᠡᠷᠡᠮ ᠤᠨ ᠴᠠᠭᠠᠰᠤᠨ ᠳᠤ 《ᠨᠢᠯᠬ᠎ᠠ ᠭᠦᠤ ᠬᠠᠯᠠᠭᠤᠷᠠᠭᠰᠠᠨ ᠡᠴᠠ ᠡᠮᠨᠡᠯᠭᠡ ᠭᠦᠷᠪᠡ᠂ ᠠᠢ᠌ᠯᠴᠢᠯᠠᠭᠰᠠᠤᠨ ᠦᠳᠡ ᠶᠢᠨ ᠬᠣᠢ᠌ᠨ᠎ᠠ ᠢᠷᠠᠮᠤ ︕》 ᠭᠡᠰᠡᠨ ᠪᠢᠴᠢᠭᠡᠰᠦᠳᠡᠢ ᠳᠤᠯᠠ ᠣᠴᠠᠭᠠᠷ ᠠᠷᠢᠯᠵᠤ ᠣᠬᠤᠷᠢᠨ ᠭᠠᠷᠴᠤ ᠢᠷᠠᠪᠠ᠃
ᠴᠠᠪᠠᠷ ᠰᠤᠷᠭᠤᠭ ᠠᠮᠢᠰᠬᠤᠯᠳᠤ ᠴᠡᠴᠡᠷᠯᠢᠭ᠌ ᠭᠡᠭ᠍ᠴᠢ ᠴᠡᠩᠭᠡᠯᠳᠤᠨ ᠵᠤᠭᠠᠴᠬᠤ ᠭᠦᠮᠦᠰ ᠤᠨ ᠴᠢᠭᠯᠡᠯ ᠪᠣᠯᠵᠤ ᠪᠠᠢ᠌ᠯ᠎ᠠ᠃ ᠢᠨᠢᠶᠠᠯᠳᠤᠨ ᠱᠤᠤᠭᠢᠯᠳᠤᠬᠤ ᠭᠦᠮᠦᠰ ᠢ ᠰᠤᠨᠢᠭᠤᠴᠠᠨ ᠡᠢ᠌ᠰᠢ ᠳᠠᠢ᠌ᠰᠢ ᠰᠢᠷᠳᠡᠭᠦᠯᠡᠷ᠂ ᠡᠭᠦᠳᠡᠨ ᠪᠧᠯᠢᠲ᠋ ᠠᠪᠬᠤ ᠪᠠᠷ ᠵᠤᠭᠰᠤᠭ᠎ᠠ ᠨᠢ ᠥᠭᠡᠷ᠎ᠡ ᠭᠦᠮᠤᠨ ᠪᠢᠰᠢ ᠣᠴᠠᠷᠠᠯᠳᠤ ᠪᠠᠢ᠌ᠭᠰᠠᠨ ᠪᠦᠭᠡᠳ ᠡᠭᠡᠨᠡᠷ ᠢ ᠨᠢ ᠡᠷᠭᠢᠴᠡᠨ ᠭᠦᠶᠦᠭᠦ ᠭᠦᠤ ᠨᠢ ᠴᠤ ᠡᠪᠡᠳᠴᠢᠨ ᠲᠡᠶ ᠰᠢᠠᠵᠢ ᠣᠭᠳᠤ ᠠᠯᠠᠭ᠎ᠠ ︕ ᠬᠡᠳᠤ ᠣᠳᠠᠭ᠎ᠠ ᠬᠠᠰᠭᠢᠷᠬᠤ ᠭᠡᠵᠤ ᠪᠣᠳᠤᠭᠰᠠᠨ ᠴᠤ ᠭᠡᠷᠡᠮ ᠳᠡᠭᠡᠷᠡᠭᠢ ᠥᠰᠦᠭ᠌ ᠢ ᠨᠢ ᠰᠠᠨᠠᠭᠠᠤᠨ ᠭᠡᠯᠡ ᠪᠠᠨ ᠵᠠᠭᠤᠪᠠ ᠁
ᠮᠤᠷᠣᠢ᠌ᠵᠤ ᠳᠤᠭᠤᠷᠢᠭᠰᠠᠭᠠᠷ ᠮᠠᠳᠠᠯᠳᠤ ᠶᠢᠨ ᠳᠤ ᠣᠴᠢᠬᠤ ᠳᠤ ᠨᠠᠮ ᠵᠢᠮ ᠪᠠᠢ᠌ᠳᠠᠯ ᠨᠠᠮ᠎ᠠ ᠶᠢ ᠣᠭᠳᠤᠭᠰᠠᠨ ᠪᠢᠰᠢ᠂ 《ᠨᠠᠮ᠎ᠠ ᠶᠢ᠂ ᠴᠢᠮ᠎ᠠ ᠶᠢ》 ᠭᠡᠰᠡᠨ ᠳᠠᠭᠤ ᠬᠠᠩᠭᠢᠨᠠᠨ ᠭᠦᠩᠭᠢᠨᠡᠨ᠎ᠡ᠃
᠊᠊᠊᠊᠊᠊᠊᠊᠊᠊᠊᠊᠊᠊᠊ ᠨᠤᠶᠠᠨ ᠴᠢᠨᠢ ᠭᠡᠭᠦᠯᠡᠷ ᠶᠠᠭᠠᠭᠢᠨ᠎ᠠ ︖ ᠨᠤᠬᠠᠢ ᠪᠠᠷ ᠦᠵᠡᠪᠠᠤ ᠮᠠᠨᠤᠰ ᠢ᠁ ᠡᠮᠡᠭ᠍ᠳᠡᠢ ᠭᠦᠮᠤᠨ ᠤ ᠡᠷᠡᠰᠳᠡᠭᠦᠨ ᠳᠠᠭᠤᠨ ᠰᠤᠨᠤᠰᠳᠠᠨ᠎ᠠ᠃
᠊᠊᠊᠊᠊᠊᠊᠊᠊᠊᠊᠊᠊᠊᠊ ᠭᠦᠮᠤᠨ ᠤ ᠳᠤᠤᠷ᠎ᠠ ᠠᠵᠢᠯᠯᠠᠴᠢᠬᠠᠭᠰᠠᠨ ᠬᠣᠢ᠌ᠨ᠎ᠠ ᠳ᠋ᠠ᠂ ᠭᠦᠤ ᠨᠢ ᠬᠤᠷᠢᠮᠯᠠᠬᠤ ᠳᠤ᠁ ᠠᠷᠭᠠᠯᠠᠵᠤ ᠵᠢᠭᠡᠯᠡᠭᠡᠳ ᠳᠠᠷᠠᠭ᠎ᠠ ᠰᠠᠷ᠎ᠠ ᠪᠦᠭᠯᠡᠨ᠎ᠡ ᠰᠢᠳᠠ ︕
ᠡᠷᠡᠭ᠍ᠳᠡᠢ ᠭᠦᠮᠤᠨ ᠤ ᠡᠪᠠᠷᠡᠭᠦᠨ ᠠᠷᠭᠠᠳᠠᠯᠭᠠ ᠳᠤᠭᠤᠯᠳᠠᠨ᠎ᠠ᠃
᠊᠊᠊᠊᠊᠊᠊᠊᠊᠊᠊᠊᠊᠊᠊ ᠥᠭᠦᠭ᠍ᠰᠡᠨ ᠳᠦᠷᠦᠭ᠍ᠰᠡᠨ ᠭᠡᠳ ᠦᠨᠦ ᠨᠢᠭᠡ ᠭᠦᠮᠤᠨ ᠤ ᠣᠴᠢᠷ ᠲᠤ ᠦᠷᠢ ᠰᠢᠷᠢ ᠳᠤ ᠭᠡᠳᠦᠢ ᠣᠨᠠᠪᠠ ︖
ᠭᠡᠵᠢᠶᠡᠨᠡᠢ ᠬᠠᠳᠠᠭᠠᠯᠠᠵᠤ ᠪᠠᠢ᠌ᠭᠰᠠᠨ ᠶᠢᠡᠨ ᠭᠡᠷᠡᠭ᠌ ᠲᠡᠶ ᠦᠶ᠎ᠡ ᠳᠤ ᠨᠢ ᠭᠡᠯᠡᠶ᠎ᠡ ᠭᠡᠵᠤ ᠪᠣᠳᠤᠭᠰᠠᠨ ᠡᠭᠡᠨᠡᠷ ᠨᠢ ᠳᠠᠭᠠᠷᠢᠵᠤ ᠡᠭᠢᠯᠡᠭᠦ ᠨᠢ᠃
᠊᠊᠊᠊᠊᠊᠊᠊᠊᠊᠊᠊᠊᠊᠊ ᠥᠭᠡᠷ᠎ᠡ ᠭᠦᠮᠤᠨ ᠪᠦᠷ ᠣᠴᠢᠬᠤ ᠳᠤ ᠥᠡᠳᠡᠭᠡ ᠳᠠᠷᠤᠭᠰᠠᠨ ᠰᠢᠪᠠᠭᠤ ᠰᠢᠭ ᠦᠯᠢ᠌ᠵᠤ ᠬᠤᠴᠤᠷᠤᠭᠠᠤᠨ ᠶᠠᠭᠠᠭᠢᠨ᠎ᠠ ︖
ᠭᠡᠪ ᠶᠢᠡᠨ ᠰᠠᠭᠢᠭᠰᠠᠨ ᠮᠠᠳᠠᠯᠳᠤ ᠴᠤ ᠭᠡᠯᠡᠭ᠍ᠳᠡᠭ᠍ᠰᠡᠨ ᠳᠤ ᠪᠠᠨ ᠪᠣᠯᠪᠠᠤ ︖ ᠭᠡᠭ᠍ᠵᠢᠭᠦᠨ ᠠᠶᠠᠰ ᠲᠡᠶ ᠭᠡᠳᠡᠷᠭᠦᠯᠡᠪᠡ᠃ ᠥᠵᠦᠭᠦᠷ ᠥᠵᠡᠭᠦ ᠦᠭᠡᠶ ᠥᠭᠡᠨ ᠳᠤ ᠣᠷᠢᠶᠠᠭᠳᠠᠨ᠂ ᠭᠦᠭ᠍ᠵᠢᠭ᠍ᠰᠡᠨ ᠭᠠᠯ ᠳᠤ ᠳᠤᠰᠤ ᠨᠡᠮᠡᠭᠦ ᠡᠴᠠ ᠠᠶᠤᠬᠤ ᠳᠤ ᠪᠠᠨ ᠭᠦᠷᠢᠶᠡᠨ ᠳᠤ ᠨᠢ ᠴᠤ ᠣᠷᠤᠯ ᠦᠭᠡᠶ ᠡᠷᠭᠢᠵᠤ ᠭᠠᠷᠴᠤ ᠢᠷᠠᠪᠠ ᠪᠢ᠃ ᠭᠡᠷᠡᠭᠦᠯ ᠪᠣᠯᠤᠭ᠎ᠠ ᠬᠤᠶᠠᠭᠤᠯᠠ ᠶᠢᠨ ᠭᠡᠨ ᠤ ᠭᠢᠨᠢ ᠵᠦᠪ ᠭᠡᠭᠦ ᠪᠣᠢ ︖
ᠰᠤᠷᠠᠭᠯᠠᠵᠤ ᠪᠠᠷᠤᠭᠯᠠᠭᠰᠠᠨ ᠶᠢᠡᠷ ᠶᠢᠡᠨ ᠰᠤᠷᠭᠠᠯᠳᠤ ᠡᠪᠦᠭᠡᠨ ᠤ ᠳᠤ ᠳᠠᠯᠪᠢᠭᠠᠤᠨ ᠪᠠᠭᠤᠯ᠎ᠠ᠃ ᠠᠵᠢᠯ ᠡᠴᠠ ᠪᠠᠨ ᠠᠮᠠᠷᠠᠭᠰᠠᠨ ᠭᠡᠵᠤ ᠠᠯᠳᠠᠷ ᠢ ᠨᠢ ᠳᠤᠭᠤᠯᠠᠤᠭᠰᠠᠨ ᠡᠴᠠ ᠪᠢᠰᠢ ᠠᠵᠢᠯ ᠳᠤ ᠰᠠᠶᠢ ᠭᠠᠷᠤᠭᠰᠠᠨ ᠪᠢ ᠠᠯᠳᠠᠨ ᠨᠢᠭᠤᠷ ᠲᠤ ᠨᠢ ᠵᠤᠯᠭᠠᠭ᠎ᠠ ᠦᠭᠡᠶ ᠨᠢ᠃ ᠦᠷᠦᠭᠡᠨ ᠳᠤ ᠣᠷᠤᠬᠤ ᠳᠤ ᠡᠮᠰᠢ᠌ᠭ᠍ᠰᠡᠨ ᠭᠦᠭ᠍ᠰᠢᠨ ᠭᠠᠭᠴᠠᠭᠠᠷ ᠰᠠᠭᠠᠤᠭᠠ ᠬᠠᠷᠠᠭᠳᠠᠪᠠ᠃ ᠠᠮᠤᠷ ᠮᠠᠠᠳᠤ ᠪᠠᠨ ᠮᠡᠳᠡᠯᠴᠡᠭᠡᠳ᠂ ᠠᠯᠮᠠᠢ᠌ᠷᠠᠵᠤ ᠰᠠᠭᠤᠬᠤ ᠳᠤ ᠪᠠᠨ ᠡᠢ᠌ᠰᠢ ᠳᠠᠢ᠌ᠰᠢ ᠠᠵᠢᠶᠠᠷᠠᠨ ᠡᠪᠦᠭᠡᠨ ᠤ ᠪᠠᠷ᠎ᠠ ᠬᠠᠷᠠᠭᠳᠠᠬᠤ ᠦᠭᠡᠶ ᠳᠤ᠄ 《ᠰᠤ᠋ ᠨᠠᠰᠤᠳᠠᠨ ᠭᠠᠳᠠᠭᠰᠢ ᠭᠠᠷᠪᠠᠤ ︖》 ᠭᠡᠵᠤ ᠰᠤᠷᠠᠵᠤ ᠭᠠᠷᠤᠯ᠎ᠠ᠃
《ᠶᠠᠭᠤ ᠭᠡᠨ᠎ᠡ ︖ ᠭᠡᠦᠭᠡ ᠡ ︕》 ᠭᠦᠭ᠍ᠰᠢᠨ ᠭᠦᠰᠢᠭᠦᠨ ᠥᠭᠡ ᠪᠠᠷ ᠭᠡᠳᠡᠷᠭᠦ ᠠᠰᠠᠭᠤᠪᠠ᠃
ᠪᠢ ᠦᠪᠡᠷ ᠢ ᠪᠠᠨ ᠳᠠᠨᠢᠯᠴᠠᠭᠤᠯᠵᠤ᠂ ᠡᠪᠦᠭᠡᠨ ᠢ ᠳᠠᠭᠢᠨ ᠠᠰᠠᠭᠤᠪᠠ᠃ ᠭᠦᠮᠦᠰᠭᠡ ᠨᠦᠮᠦᠷᠢᠳᠠᠨ ᠭᠦᠩᠭᠦᠢᠭ᠍ᠰᠡᠨ ᠨᠢᠳᠤᠨ ᠳᠤ ᠪᠠᠨ ᠪᠠᠭᠤᠷᠠᠢ ᠭᠡᠷᠡᠯ ᠰᠥᠮᠡᠯᠵᠡᠭᠦᠯᠤᠨ᠂ ᠰᠡᠢ᠌ᠮᠡᠢ᠌ᠭ᠍ᠰᠡᠨ ᠭᠡᠪ ᠶᠢᠡᠷ ᠨᠠᠮ᠎ᠠ ᠶᠢ ᠬᠠᠷᠠᠭᠰᠠᠭᠠᠷ ᠭᠦᠭ᠍ᠰᠢᠨ ᠡᠵᠢ ᠳᠠᠭᠤ ᠦᠭᠡᠶ ᠪᠣᠯᠪᠠ᠃
ᠢᠯᠠᠢ ︕ ᠴᠢᠭᠢ ᠬᠠᠳᠠᠭᠤ ᠨᠢ ᠳᠠᠭᠠᠷᠠᠭᠰᠠᠨ ᠪᠣᠯᠪᠠᠤ ᠭᠡᠰᠡᠨ ᠳᠠᠭᠠᠮᠠᠭ ᠲᠤ ᠪᠠᠨ ᠪᠢ ᠢᠷᠡᠭ᠍ᠰᠡᠨ ᠣᠴᠢᠷ ᠶᠢᠡᠨ ᠢᠯᠠ ᠪᠣᠯᠭᠠᠵᠤ ᠳᠡᠭᠡᠷ᠎ᠡ ᠳᠠᠭᠤᠨ ᠶᠢᠡᠷ ᠶᠠᠷᠢᠵᠤ ᠭᠠᠷᠬᠤ ᠳᠤ ᠭᠦᠭ᠍ᠰᠢᠨ᠂ ᠭᠢᠯᠢᠰ ᠴᠤᠭᠢᠭᠳᠠᠭᠰᠠᠨ ᠬᠡᠦᠬᠡᠳ ᠰᠢᠭ᠌ ᠳᠠᠭᠤ ᠳᠠᠯᠪᠢᠨ᠄ 《ᠡ ︕ ᠪᠣᠷᠬᠠᠨ᠂ ᠠᠵᠢᠯ ᠡᠴᠠ ᠪᠠᠨ ᠪᠠᠭᠤᠬᠤ ᠪᠣᠯᠳᠠᠯ᠎ᠠ ᠨᠢ 〈ᠠᠬ᠎ᠠ ᠮᠢᠨᠢ ︕〉 ᠭᠡᠳ ᠠᠷᠤ ᠦᠪᠣᠷ ᠶᠢᠡᠷ ᠵᠢᠭᠤᠷᠠᠭᠠᠤᠨ ᠠᠬᠤᠤ ᠪᠠᠢ᠌ᠭᠰᠠᠨ ᠰᠢᠳᠠ᠂ ᠦᠨᠦᠳᠤᠷ᠂ ᠥᠭᠦᠭᠡᠳ ᠬᠤᠶᠠᠷ ᠵᠢᠯ ᠪᠣᠯᠳᠠᠯ᠎ᠠ ᠮᠡᠳᠡᠭᠡᠳᠦᠢ ᠪᠠᠢ᠌ᠨ᠎ᠠ᠂ ᠦᠨᠦᠭᠢ ᠴᠢᠨᠢ ︕ ᠶᠠᠮᠠᠷ ᠰᠠᠢ᠌ᠬᠠᠨ ᠴᠠᠭ ᠰᠠᠨᠠᠭᠠᠨ ᠳᠤ ᠣᠷᠤᠯ᠎ᠠ ᠊᠊᠊᠊᠊᠊᠊᠊᠊᠊᠊᠊᠊᠊᠊ ᠡᠪᠦᠭᠡᠨ ᠮᠢᠨᠢ ᠡ ︕》 ᠭᠡᠵᠤ ᠡᠭ᠍ᠰᠢᠵᠤ ᠮᠡᠭ᠍ᠰᠢᠵᠤ ᠭᠠᠷᠤᠯ᠎ᠠ᠃
ᠪᠣᠯᠠᠢ ᠪᠣᠯᠤᠯ᠎ᠠ᠂ ᠪᠣᠳᠤᠯ ᠦᠭᠡᠶ ᠭᠡᠯᠡᠭ᠍ᠰᠡᠨ ᠮᠢᠨᠢ ᠱᠠᠭᠠᠢ᠌ᠯ ᠦᠭᠡᠶ ᠫᠣᠤᠳᠠᠭᠰᠠᠨ ᠭᠡᠷᠡᠭ᠌ ᠪᠣᠯᠵᠠᠢ᠃ ᠭᠡᠷ ᠡᠴᠠ ᠶᠠᠭᠠᠭᠢᠵᠤ ᠭᠠᠷᠴᠤ ᠢᠷᠡᠭ᠍ᠰᠡᠨ ᠶᠢᠡᠨ ᠮᠡᠳᠡᠭ᠍ᠰᠡᠨ ᠦᠭᠡᠶ ᠪᠢ ᠨᠢᠭᠡ ᠰᠡᠷᠡᠭᠦ ᠳᠤ ᠳᠤᠭᠤᠢ ᠪᠠᠨ ᠲᠦᠯᠭᠢᠴᠢᠭᠡᠭ᠍ᠰᠡᠨ ᠭᠡᠯᠳᠦᠷᠭᠢᠯᠡᠵᠤ ᠪᠠᠢ᠌ᠯ᠎ᠠ᠃ ᠬᠤᠶᠠᠷ ᠭᠤᠷᠪᠠᠬᠠᠨ ᠭᠦᠮᠤᠨ ᠤ ᠣᠷᠢᠯᠭ᠎ᠠ ᠶᠢ ᠴᠤ ᠬᠤᠭᠤᠰᠤᠳᠠᠭᠤᠯᠤᠭᠰᠠᠨ ᠪᠣᠯᠪᠠᠴᠤ ᠬᠤᠩᠭ᠋ᠤᠷ ᠶᠢᠡᠷ ᠶᠢᠡᠨ ᠵᠢᠭᠡᠯᠡᠭᠦᠯᠦᠭ᠍ᠰᠡᠨ ᠬᠤᠶᠠᠷ ᠵᠠᠭᠤᠨ ᠳᠦᠭᠦᠷᠢᠭ᠌ ᠶᠢᠡᠨ ᠳᠡᠮᠳᠡᠷᠭᠢᠯᠡᠭ᠍ᠰᠡᠨ ᠶᠢᠡᠨ 《ᠬᠤᠷᠸ᠎ᠠ ᠳᠤ ᠭᠠᠭᠴᠠ》 ᠬᠤᠭᠤᠯᠠᠨ ᠭᠡᠷ ᠢ ᠴᠢᠭᠯᠡᠨ ᠭᠢᠰᠭᠢᠯᠠᠪᠠ᠃
ᠬᠤ᠋ ᠳᠠᠷᠤᠭ᠎ᠠ ᠳᠤ ᠪᠠᠨ ᠶᠠᠭᠤ ᠭᠡᠯᠡᠶ᠎ᠡ ᠳ᠋ᠡ ︕
ᠵᠤᠬᠢᠶᠠᠭᠴᠢ᠄ ᠳ·ᠰᠤᠳᠨᠠᠮ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠥᠭᠥᠯᠡᠯᠭᠡᠳᠠᠷᠤᠮ᠄ 9232
ᠴᠠᠭ᠄ 2011 ᠤᠨ ᠤ 08 ᠰᠠᠷ᠎ᠠ ᠶᠢᠨ 12
ᠨᠠᠢ᠌ᠷᠠᠭᠤᠯᠤᠭᠴᠢ᠄ ᠪᠦᠬᠡᠡᠷᠳᠡᠨᠢ