ᠨᠡᠪᠲᠡᠷᠡᠨ ᠤᠷᠤᠬᠤ
ᠮᠤᠩᠭ᠋ᠤᠯ ᠭᠡᠷ ᠮᠢᠨᠢ ᠬᠤᠷᠤᠢ᠂ ᠬᠤᠷᠤᠢ︕

ᠬᠠᠳᠠᠭᠤ ᠪᠦᠭᠡᠯᠢᠭ᠌ ᠬᠤᠰᠤ ᠮᠤᠳᠤ ᠪᠠᠷ

ᠨᠠᠷᠠᠨ ᠳᠦᠭᠦᠷᠢᠭ᠌ ᠳᠤᠭᠤᠨᠤ ᠶᠢ ᠨᠢ ᠭᠢᠵᠤ

ᠬᠠᠭᠤᠷᠠᠢ ᠳᠡᠭ᠍ᠰᠢᠭᠡᠨ ᠶᠠᠰᠤᠯᠢᠭ ᠮᠤᠳᠤ ᠪᠠᠷ

ᠭᠡᠷᠡᠯ ᠤᠨ ᠰᠠᠴᠤᠷᠠᠭᠳᠤ ᠣᠨᠢ ᠶᠢ ᠨᠢ ᠭᠢᠵᠤ

ᠬᠤᠭᠤᠷᠠᠰᠢ ᠦᠭᠡᠶ ᠣᠳᠠ ᠮᠤᠳᠤ ᠪᠠᠷ

ᠦᠯᠵᠡᠢ ᠣᠳᠠᠰᠤᠳᠤ ᠬᠠᠨ᠎ᠠ ᠶᠢ ᠨᠢ ᠭᠢᠵᠤ

ᠭᠠᠵᠢᠰᠢ ᠦᠭᠡᠶ ᠮᠤᠳᠤᠨ ᠤ ᠣᠭᠢ ᠪᠠᠷ

ᠳᠡᠯᠡᠭᠡᠢ ᠬᠠᠷᠠᠭᠰᠠᠨ ᠡᠭᠦᠳᠡ ᠶᠢ ᠨᠢ ᠭᠢᠳᠡᠭ᠌

ᠣᠬᠠᠭᠠᠠᠳᠤ ᠳᠡᠭᠡᠳᠦᠰ ᠡᠴᠠ ᠮᠢᠨᠢ ᠡᠭᠦᠳᠴᠤ

ᠣᠯᠠᠮᠵᠢᠯᠠᠵᠤ ᠦᠭ‍ᠭᠦᠭ᠍ᠰᠡᠨ ᠡᠷᠳᠡᠨᠢ

ᠣᠭᠰᠠᠭ᠎ᠠ ᠶᠠᠰᠤᠳᠠᠨ ᠤ ᠮᠢᠨᠢ ᠥᠯᠦᠭᠡᠢ

ᠣᠭᠤᠷᠠᠭ ᠴᠠᠭᠠᠨ ᠮᠤᠩᠭ᠋ᠤᠯ ᠭᠡᠷ ᠮᠢᠨᠢ ᠬᠤᠷᠤᠢ︕ ᠬᠤᠷᠤᠢ︕


ᠵᠦᠰᠠᠷ ᠪᠣᠷᠤᠭᠠᠨ ᠳᠤ ᠭᠤᠭᠤᠵᠢᠰᠢ ᠥᠭᠡᠢ

ᠳᠤᠭᠤᠷᠢᠭ ᠴᠠᠭᠠᠨ ᠳᠡᠭᠡᠪᠦᠷ ᠳᠠᠢ

ᠵᠤᠳ ᠰᠢᠭᠤᠷᠭᠠᠨ ᠳᠤ ᠨᠠᠪᠳᠠᠷᠠᠰᠢ ᠥᠭᠡᠢ

ᠳᠦᠷᠪᠡᠯᠵᠢ ᠴᠠᠭᠠᠨ ᠳᠤᠭᠤᠷᠭ᠎ᠠ ᠳᠠᠢ

ᠵᠤᠨ ᠤ ᠬᠠᠯᠠᠭᠤᠨ ᠳᠤ ᠡᠪᠭᠡᠵᠤ ᠱᠤᠭᠤᠳᠠᠭ

ᠬᠠᠶᠠᠭᠠᠨ ᠴᠠᠭᠠᠨ ᠢᠰᠡᠭᠡᠢ ᠳᠠᠢ

ᠵᠢᠪᠠᠷ ᠠᠭᠠᠷ ᠨᠠᠷᠠᠨ ᠳᠤ ᠪᠠᠶᠠᠰᠳᠠᠭ

ᠬᠠᠨ ᠳᠡᠭ᠍ᠷᠢ ᠳᠤᠭᠤᠨᠤ ᠳᠠᠢ

ᠦᠷᠯᠦᠭ᠌ ᠳᠡᠭᠡᠳᠦᠰ ᠡᠴᠠ ᠮᠢᠨᠢ ᠪᠦᠳᠦᠭᠡᠵᠤ

ᠦᠮᠴᠢᠯᠠᠵᠤ ᠦᠭ‍ᠭᠦᠭ᠍ᠰᠡᠨ ᠡᠷᠳᠡᠨᠢ

ᠦᠷᠭᠡᠨ ᠳᠠᠯ᠎ᠠ ᠶᠢᠨ ᠮᠢᠨᠢ ᠴᠢᠮᠡᠭ᠌

ᠥᠡᠳᠡᠭᠡᠨ ᠴᠠᠭᠠᠨ ᠮᠤᠩᠭ᠋ᠤᠯ ᠭᠡᠷ ᠮᠢᠨᠢ ᠬᠤᠷᠤᠢ︕ ᠬᠤᠷᠤᠢ︕


ᠳᠤᠭᠤᠨᠤ ᠣᠨᠢ ᠬᠠᠨ᠎ᠠ ᠡᠭᠦᠳᠡ

ᠮᠤᠳᠤᠨ ᠳᠦᠷᠪᠡᠨ ᠪᠦᠳᠦᠴᠡ ᠳᠠᠢ

ᠳᠤᠭᠤᠷᠭ᠎ᠠ ᠳᠡᠭᠡᠪᠦᠷ ᠡᠷᠦᠭᠡ ᠭᠦᠯᠳᠦᠷᠭᠡ

ᠢᠰᠡᠭᠡᠢ ᠰᠠᠢ᠌ᠬᠠᠨ ᠪᠦᠷᠭᠦᠭᠡᠰᠤ ᠳᠠᠢ

ᠳᠠᠯ ᠭᠢᠯᠭᠠᠰᠤ ᠨᠤᠤᠰᠤ ᠪᠠᠷ ᠳᠠᠮᠤᠭᠰᠠᠨ

ᠪᠦᠰᠡᠯᠡᠭᠦᠷ ᠣᠭᠤᠰᠤᠷ ᠣᠶᠠᠭ᠎ᠠ ᠳᠠᠢ

ᠳᠠᠷᠠᠢ᠌ᠳᠠᠯ᠎ᠠ ᠴᠢᠩᠭ᠋ᠠᠯᠠᠵᠤ ᠪᠠᠭᠢᠯᠢᠭ᠌ ᠬᠤᠯᠪᠣᠭᠰᠠᠨ

ᠳᠦᠭᠦᠭᠡᠢ ᠰᠢᠷᠢᠨ ᠥᠳᠡᠭᠡᠷᠢ ᠲᠡᠶ

ᠳᠡᠭ᠍ᠷᠢᠯᠢᠭ᠌ ᠳᠡᠭᠡᠳᠦᠰ ᠡᠴᠠ ᠮᠢᠨᠢ ᠵᠤᠬᠢᠶᠠᠵᠤ

ᠲᠦᠷᠦ ᠠᠷᠠᠤᠨ ᠲᠠᠭᠠᠨ ᠰᠤᠶᠤᠷᠬᠠᠭᠰᠠᠨ

ᠳᠡᠨᠢᠭᠡᠷ ᠳᠠᠯ᠎ᠠ ᠶᠢᠨ ᠮᠢᠨᠢ ᠬᠠᠷᠠᠭᠤᠯ

ᠲᠦᠮᠡᠨ ᠴᠠᠭᠠᠨ ᠮᠤᠩᠭ᠋ᠤᠯ ᠭᠡᠷ ᠮᠢᠨᠢ ᠬᠤᠷᠤᠢ︕ ᠬᠤᠷᠤᠢ︕


ᠠᠮᠠ ᠰᠡᠭᠡᠷ ᠢ ᠨᠢ ᠶᠤᠰᠤ ᠪᠠᠷ ᠨᠡᠢ᠌ᠯᠡᠭᠦᠯᠭᠦ

ᠪᠠᠷᠢᠵᠤ ᠪᠣᠰᠬᠠᠬᠤ ᠱᠠᠭᠠᠷᠳᠠᠯᠭ᠎ᠠ ᠳᠠᠢ

ᠠᠷᠤ ᠡᠮᠦᠨ᠎ᠡ ᠶᠢ ᠨᠢ ᠳᠠᠷᠠᠭᠠᠯᠠᠯ ᠶᠢᠡᠷ ᠭᠦᠢᠴᠡᠳᠭᠡᠭᠦ

ᠪᠦᠷᠢᠵᠤ ᠣᠭᠤᠰᠤᠷᠯᠠᠬᠤ ᠵᠢᠷᠤᠮ ᠳᠠᠢ

ᠠᠴᠢᠶᠠᠯᠠᠨ ᠳᠡᠯᠡᠭᠦ ᠳᠤᠭᠤᠨᠤ ᠣᠨᠢ ᠨᠢ

ᠳᠤᠶᠠᠭᠠᠳᠤ ᠨᠠᠷᠠᠨ ᠤ ᠰᠠᠴᠤᠷᠠᠭᠠᠨ ᠳᠠᠢ

ᠠᠯᠤᠰ ᠢ ᠪᠠᠷᠠᠯᠠᠬᠤ ᠡᠭᠦᠳᠡ ᠬᠠᠭᠠᠯᠭ᠎ᠠ ᠨᠢ

ᠵᠥᠭ᠌ ᠢ ᠰᠤᠩᠭ᠋ᠤᠭᠰᠠᠨ ᠬᠠᠷᠠᠴᠠ ᠳᠠᠢ

ᠭᠦᠭᠡ ᠮᠤᠩᠭ᠋ᠤᠯ ᠤᠨ ᠮᠢᠨᠢ ᠡᠭᠦᠳᠦᠯᠳᠡ

ᠭᠦᠮᠤᠨ ᠪᠠᠢ᠌ᠭᠠᠯᠢ ᠳᠠᠭᠠᠨ ᠵᠤᠭᠢᠴᠠᠯ ᠳᠠᠢ

ᠭᠦᠳᠡᠭᠡ ᠳᠠᠯ᠎ᠠ ᠶᠢᠨ ᠮᠢᠨᠢ ᠪᠠᠷ᠎ᠠ

ᠭᠦᠪᠦᠩ ᠴᠠᠭᠠᠨ ᠮᠤᠩᠭ᠋ᠤᠯ ᠭᠡᠷ ᠮᠢᠨᠢ ᠬᠤᠷᠤᠢ︕ ᠬᠤᠷᠤᠢ︕


ᠡᠷᠦᠭᠡ ᠭᠡᠷ ᠤᠨ ᠭᠤᠤᠯ ᠳᠤᠮᠳᠠ ᠨᠢ

ᠳᠤᠯᠭ᠎ᠠ ᠶᠢᠨ ᠭᠠᠯ ᠤᠨ ᠪᠠᠳᠠᠷᠠᠭᠠᠨ ᠲᠡᠶ

ᠥᠭᠡᠳᠡ ᠬᠠᠷᠠᠭᠰᠠᠨ ᠳᠤᠭᠤᠨᠤᠨ ᠣᠷᠤᠢ ᠡᠴᠠ

ᠠᠷᠭᠠᠯ ᠤᠨ ᠣᠳᠤᠭᠠᠨ ᠤ ᠰᠤᠭᠤᠨᠠᠭᠯᠠᠯ ᠳᠠᠢ

ᠡᠪᠦᠯᠵᠢᠶ᠎ᠡ ᠵᠤᠰᠠᠭᠠᠯ ᠬᠠᠪᠣᠷᠵᠢᠶ᠎ᠠ ᠨᠠᠮᠤᠷᠵᠢᠶ᠎ᠠ

ᠣᠯᠠᠷᠢᠯ ᠢ ᠳᠠᠭᠠᠭᠰᠠᠨ ᠪᠠᠭᠤᠴᠠ ᠳᠠᠢ

ᠦᠨᠢ ᠣᠳᠠᠭᠠᠨ ᠳᠡᠦᠭᠡ ᠶᠢᠨ ᠣᠷᠤᠰᠬᠠᠯ ᠳ᠋ᠤ

ᠦᠨᠳᠦᠰᠦᠳᠠᠨ ᠶᠠᠰᠤᠳᠠᠨ ᠳᠠᠭᠠᠨ ᠭᠠᠪᠢᠶ᠎ᠠ ᠳᠠᠢ

ᠬᠤᠷᠴᠠᠯᠢᠭ ᠶᠠᠰᠤᠳᠠᠨ ᠤ ᠮᠢᠨᠢ ᠪᠦᠳᠦᠭᠡᠯ

ᠬᠣᠢ᠌ᠴᠢᠰ ᠲᠠᠭᠠᠨ ᠥᠯᠡᠳᠡᠭᠡᠭ᠍ᠰᠡᠨ ᠡᠷᠳᠡᠨᠢ

ᠬᠠᠨᠠᠭᠠᠷ ᠳᠠᠯ᠎ᠠ ᠶᠢᠨ ᠮᠢᠨᠢ ᠰᠠᠭᠢᠶ᠎ᠠ

ᠬᠠᠭᠠᠨ ᠴᠠᠭᠠᠨ ᠮᠤᠩᠭ᠋ᠤᠯ ᠭᠡᠷ ᠮᠢᠨᠢ ᠬᠤᠷᠤᠢ︕ ᠬᠤᠷᠤᠢ︕


ᠳᠠᠪᠤᠨ ᠬᠤᠰᠢᠭᠤ ᠮᠠᠯ ᠶᠢᠡᠨ ᠠᠪᠴᠤ

ᠪᠠᠯᠴᠢᠭᠡᠷ ᠢ ᠲᠠᠭᠠᠨ ᠨᠡᠭᠦᠳᠡᠯᠯᠡᠳᠡᠭ᠌

ᠳᠠᠷᠠᠭ ᠠᠢ᠌ᠷᠠᠭ ᠤᠨ ᠦᠨᠦᠷ ᠬᠠᠩᠬᠤᠯᠤᠭᠤᠯᠵᠤ

ᠮᠤᠩᠭ᠋ᠤᠯ ᠠᠮᠢᠳᠤᠷᠠᠯ ᠶᠢᠡᠨ ᠭᠠᠢ᠌ᠬᠠᠭᠤᠯᠳᠠᠭ

ᠳᠡᠭ᠍ᠷᠢ ᠡᠴᠠ ᠪᠠᠭᠤᠯᠭᠠᠭᠰᠠᠨ ᠳᠠᠮᠠᠭ᠎ᠠ

ᠮᠠᠩᠨᠤᠭ ᠳᠠᠯ᠎ᠠ ᠪᠠᠨ ᠳᠠᠮᠠᠭᠠᠯᠠᠵᠤ

ᠲᠦᠷᠦ ᠭᠦᠷᠤᠨ ᠢ ᠭᠡᠳᠦᠢ ᠳᠠᠮᠵᠢᠭᠰᠠᠨ ᠴᠤ

ᠮᠤᠩᠭ᠋ᠤᠯ ᠶᠠᠰᠤᠳᠠᠨ ᠶᠢᠡᠨ ᠢᠪᠠᠭᠡᠳᠡᠭ᠌

ᠪᠠᠭᠠᠳᠤᠷᠯᠢᠭ ᠳᠡᠭᠡᠳᠦᠰ ᠤᠨ ᠮᠢᠨᠢ ᠣᠷᠠᠯᠠᠯ

ᠪᠣᠮᠠᠨ ᠣᠨ ᠤ ᠬᠠᠢ᠌ᠷᠠᠯᠠᠯᠳᠠᠢ ᠡᠷᠳᠡᠨᠢ

ᠪᠠᠳᠠᠷᠠᠯ ᠭᠦᠭ᠍ᠵᠢᠯ ᠤᠨ ᠪᠠᠯᠭᠡᠳᠡᠯ

ᠪᠠᠶᠠᠨ ᠴᠠᠭᠠᠨ ᠮᠤᠩᠭ᠋ᠤᠯ ᠭᠡᠷ ᠮᠢᠨᠢ ᠬᠤᠷᠤᠢ︕ ᠬᠤᠷᠤᠢ︕


ᠳᠡᠭᠡᠳᠦᠰ ᠤᠨ ᠰᠦᠷ ᠶᠢᠡᠷ ᠳᠡᠦᠭᠡ ᠪᠢᠴᠢᠭᠯᠡᠭ᠍ᠰᠡᠨ

ᠣᠯᠠᠮᠵᠢᠯᠠᠯᠳᠤ ᠮᠤᠩᠭ᠋ᠤᠯ ᠡᠷᠳᠡᠨᠢ

ᠳᠡᠭ᠍ᠵᠢᠷᠡᠭᠦ ᠦᠷᠠᠰ ᠶᠢᠡᠨ ᠪᠦᠪᠠᠢ᠌ᠯᠠᠵᠤ ᠶᠠᠪᠣᠭᠰᠠᠨ

ᠬᠠᠯᠠᠭᠤᠨ ᠳᠤᠯᠠᠭᠠᠨ ᠥᠯᠦᠭᠡᠢ

ᠳᠠᠪᠰᠢᠪᠠᠯ ᠪᠠᠭᠤᠯᠭᠠᠵᠤ ᠨᠤᠳᠤᠭᠰᠢᠪᠠᠯ ᠪᠣᠰᠬᠠᠴᠢᠬᠠᠬᠤ

ᠰᠢᠳᠢᠳᠤ ᠴᠠᠭᠠᠨ ᠦᠷᠦᠭᠡ

ᠳᠡᠯᠡᠭᠡᠢ ᠳ᠋ᠠᠭᠢᠨ ᠳᠤ ᠠᠯᠳᠠᠷ ᠶᠢᠡᠨ ᠮᠠᠠᠳᠤᠭᠤᠯᠤᠭᠰᠠᠨ

ᠮᠥᠩᠭᠡ ᠣᠷᠤᠰᠢᠬᠤ ᠰᠤᠶᠤᠯ ᠡ

ᠰᠦᠨ ᠴᠠᠭᠠᠨ ᠮᠤᠩᠭ᠋ᠤᠯ ᠭᠡᠷ ᠮᠢᠨᠢ ᠬᠤᠷᠤᠢ︕ ᠬᠤᠷᠤᠢ︕

ᠰᠠᠢ᠌ᠬᠠᠨ ᠭᠡᠪ ᠶᠢᠡᠨ ᠬᠠᠳᠠᠭᠠᠯᠠᠭᠠᠤᠨ ᠬᠤᠷᠤᠢ︕ ᠬᠤᠷᠤᠢ︕

ᠰᠦᠨᠢ ᠶᠢᠨ ᠣᠳᠤᠳ ᠰᠢᠭ ᠣᠯᠠᠰᠢᠷᠠᠭᠠᠤᠨ ᠬᠤᠷᠤᠢ︕ ᠬᠤᠷᠤᠢ︕

ᠰᠠᠷᠠᠨ ᠨᠠᠷᠠᠨ ᠰᠢᠭ ᠮᠥᠩᠭᠡᠷᠡᠭᠡᠳ ᠬᠤᠷᠤᠢ︕ ᠬᠤᠷᠤᠢ︕


ᠵᠤᠬᠢᠶᠠᠭᠴᠢ ᠶᠢᠨ ᠬᠠᠶ‍ᠢᠭ ᠄ ᠭᠡᠰᠢᠭ᠍ᠳᠡᠨ ᠬᠤᠰᠢᠭᠤᠨ ᠤ ᠮᠤᠩᠭ᠋ᠤᠯ ᠳᠤᠮᠳᠠᠳᠤ ᠰᠤᠷᠭᠠᠭᠤᠯᠢ

ᠵᠤᠬᠢᠶᠠᠭᠴᠢ᠄ ᠪᠦᠬᠡᠵᠢᠷᠭᠠᠯ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2623
ᠴᠠᠭ᠄ 2010 ᠤᠨ ᠤ 04 ᠰᠠᠷ᠎ᠠ ᠶᠢᠨ 07
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ