☆ ᠡᠷᠳᠡᠨᠢᠪᠠᠭᠠᠨ᠎ᠠ
ᠬᠡᠷᠡᠮ
ᠳᠡᠭ᠍ᠷᠢ ᠶᠢᠨ ᠴᠡᠩᠭᠡᠷ ᠲᠤ ᠪᠠᠷᠳᠠᠨ
ᠰᠢᠪᠠᠭᠤᠳ ᠤᠨ ᠨᠤᠭᠤᠭᠠᠨ ᠭᠡᠷᠡᠮ ᠳᠠᠭᠤᠯᠠᠨ᠎ᠠ
ᠴᠡᠯᠮᠡᠭᠦᠨ ᠳᠤᠯᠠᠭᠠᠨ ᠠᠮᠢᠰᠬᠤᠯᠯᠠᠬᠤ ᠭᠡᠵᠤ
ᠭᠡᠷᠡᠮ ᠤᠨ ᠬᠠᠨ᠎ᠠ ᠭᠡᠷᠡᠯ ᠤᠨ ᠨᠢᠳᠤ ᠳᠤ
ᠴᠤᠭᠤᠴᠢᠭᠳᠠᠨ ᠳᠤᠯᠠᠭᠠᠬᠠᠨ ᠴᠤᠭᠤᠷᠠᠨᠠ
ᠭᠡᠯᠡᠨ ᠳᠤ ᠨᠡᠪᠴᠢᠭ᠍ᠰᠡᠨ ᠪᠠᠷᠠᠭᠠᠨ ᠤ ᠢᠳᠠ ᠶᠢ
ᠡᠪᠦᠯ ᠤᠨ ᠰᠠᠯᠭᠢᠨ ᠣᠢ᠌ᠯᠠᠭᠠᠭᠠᠤᠨ ᠭᠡᠷᠡᠮ ᠪᠣᠯᠵᠤ ᠣᠩᠬᠤᠯᠢᠨᠠ
ᠬᠠᠪᠣᠷ ᠤᠨ ᠰᠠᠷ᠎ᠠ ᠪᠣᠳᠤᠯ ᠪᠣᠯᠤᠭᠰᠠᠭᠠᠷ
ᠭᠡᠷᠡᠮ ᠳᠠᠪᠠᠬᠤ ᠭᠡᠵᠤ ᠡᠴᠢᠩᠭᠢᠷᠡᠨᠡ
ᠨᠠᠮᠤᠷ ᠤᠨ ᠬᠤᠩᠭ᠋ᠤᠷ ᠰᠠᠯᠭᠢᠨ ᠬᠠᠷᠢᠨ ᠡᠳᠡᠭᠡᠷ ᠪᠦᠭᠦᠨ ᠢ
ᠳᠦᠭᠦᠭᠡᠷᠵᠤ ᠴᠡᠭᠡᠵᠢᠯᠡᠭᠦ ᠭᠡᠳ ᠬᠠᠶᠠ ᠮᠤᠳᠤᠨ ᠨᠠᠮᠠᠭᠠᠨ ᠳᠤ ᠳᠦᠭᠦᠰᠢᠯᠡᠭ᠍ᠳᠡᠨᠡ
ᠬᠠᠶᠠ ᠪᠦᠷ ᠳᠡᠭ᠍ᠷᠢ ᠶᠢᠨ ᠬᠡᠦᠬᠡᠳ ᠪᠣᠯᠬᠤ ᠭᠡᠵᠤ
ᠭᠡᠯᠡ ᠠᠮᠠ ᠪᠣᠯᠳᠠᠯᠵᠠᠨᠠ
ᠵᠤᠬᠢᠶᠠᠭᠴᠢ ᠶᠢᠨ ᠬᠠᠶᠢᠭ ᠄ ᠭᠢᠩᠭ᠋ᠠᠨ ᠤ ᠳᠤᠮᠳᠠᠳᠤ ᠬᠤᠰᠢᠭᠤ
ᠵᠤᠬᠢᠶᠠᠭᠴᠢ᠄ ᠡᠷᠳᠡᠨᠢᠪᠠᠭᠠᠨ᠎ᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 23247
ᠴᠠᠭ᠄ 2015 ᠤᠨ ᠤ 03 ᠰᠠᠷ᠎ᠠ ᠶᠢᠨ 27
ᠨᠠᠢ᠌ᠷᠠᠭᠤᠯᠤᠭᠴᠢ᠄ ᠪᠦᠬᠡᠡᠷᠳᠡᠨᠢ