ᠨᠡᠪᠲᠡᠷᠡᠨ ᠤᠷᠤᠬᠤ
ᠬᠦᠮᠦᠨ ᠤ ᠠᠮᠢᠳᠤᠷᠠᠯ

ᠭᠦᠮᠦᠰ ᠤᠨ ᠠᠮᠢᠳᠤᠷᠠᠯ ᠤᠨ ᠦᠵᠡᠯᠳᠠ ᠳᠠᠨᠢᠯᠳᠠ ᠭᠢᠭᠡᠤᠨ ᠠᠮᠢᠳᠤᠷᠠᠬᠤᠢ ᠵᠢᠨ ᠠᠷᠭ᠎ᠠ ᠭᠡᠯᠪᠠᠷᠢ ᠵᠢᠨ ᠠᠳᠠᠯᠢ ᠪᠤᠰᠤ ᠡᠴᠡ ᠪᠤᠯᠵᠤ ᠂ ᠠᠳᠡᠯᠢ ᠪᠤᠰᠤ ᠵᠢᠨ ᠠᠮᠢᠳᠤᠷᠡᠯ ᠤᠨ ᠵᠤᠷᠢᠯᠳᠡ ᠳᠡᠢ ᠪᠡᠢ᠌ᠳᠡᠬ ᠃

ᠵᠠᠷᠢᠮ ᠭᠦᠮᠤᠨ ᠠᠮᠢᠳᠤᠷᠠᠯ ᠢ ᠵᠥᠪᠭᠡᠨ ᠥᠷᠯᠦᠭᠡ ᠪᠣᠰᠴᠤ ᠦᠳᠡᠰᠢ ᠣᠠᠳᠠᠨ ᠂ ᠡᠳᠦᠷ ᠤᠨ ᠭᠤᠷᠪᠠᠨ ᠡᠷᠡᠨ ᠤ ᠬᠤᠭᠤᠯᠠ ᠢᠳᠡᠭᠦ ᠮᠠᠳᠤ ᠪᠠᠷ ᠰᠠᠷ᠎ᠠ ᠡᠳᠦᠷ ᠡᠭᠡᠯᠵᠢᠯᠡᠭᠦ ᠳᠠᠳᠤᠢ ᠭᠡᠵᠤ ᠥᠵᠡᠳᠡᠭ᠌ ᠃ ᠡᠨᠡ ᠨᠢ ᠭᠦᠮᠤᠨ ᠤ ᠠᠮᠢᠳᠤᠷᠠᠯ ᠢ ᠶᠠᠮᠠᠷ ᠴᠤ ᠣᠤᠠᠬ᠎ᠠ ᠠᠭᠤᠯᠭ᠎ᠠ ᠦᠭᠡᠶ᠂ ᠶᠠᠭ ᠯᠠ ᠨᠠᠮᠤᠷ ᠤᠨ ᠬᠠᠳᠠᠭᠰᠠᠨ ᠨᠠᠪᠴᠢ ᠰᠢᠭ ᠪᠣᠯᠭᠠᠵᠠᠢ ᠃ ᠪᠠᠰᠠ ᠵᠠᠷᠢᠮ ᠨᠢ ᠠᠮᠢᠳᠤᠷᠠᠯ ᠢ ᠣᠢ᠌ᠯᠤᠨ ᠴᠠᠯᠭᠢᠯᠠᠬᠤ ᠳᠤᠭᠰᠢᠨ ᠳᠠᠪᠠᠯᠭᠠᠨ ᠂ ᠮᠢᠩᠭ᠋ᠠᠨ ᠭᠠᠵᠠᠷ ᠤᠨ ᠪᠠᠷᠭᠡ ᠪᠠᠷᠳᠠᠭᠠᠳᠤ ᠠᠶᠠᠨ ᠭᠡᠵᠤ ᠵᠥᠢᠷᠯᠡᠳᠡᠭ᠌ ᠃ ᠡᠨᠡ ᠨᠢ ᠮᠠᠨᠤᠰ ᠲᠤ ᠠᠮᠢᠳᠤᠷᠠᠯ ᠤᠨ ᠪᠠᠷᠭᠡ ᠬᠠᠳᠠᠭᠤᠵᠢᠯᠳᠠᠢ ᠳᠠᠯ᠎ᠠ ᠶᠢ ᠯᠠ ᠣᠯᠵᠤ ᠥᠵᠡᠭᠡᠤᠨ ᠬᠠᠷᠢᠨ ᠳᠡᠭᠦᠨ ᠤ ᠰᠠᠢ᠌ᠨ ᠰᠠᠢ᠌ᠬᠠᠨ ᠳᠠᠯ᠎ᠠ ᠶᠢ ᠴᠤ ᠣᠯᠵᠤ ᠬᠠᠷᠠᠬᠰᠡᠨ ᠥᠬᠡᠢ ᠪᠠᠢ᠌ᠬᠤ᠃
ᠠᠮᠢᠳᠤᠷᠠᠯ ᠭᠡᠭ᠍ᠴᠢ ᠥᠨᠡᠡᠳᠡᠭᠡᠨ ᠳᠠᠭᠤᠯᠠᠭᠠᠤᠨ ᠬᠠᠨᠤᠰᠢ ᠦᠭᠡᠶ ᠣᠶᠠᠩᠭ᠋᠎ᠠ ᠳᠠᠭᠤᠤ ᠂ ᠰᠢᠯᠦᠭᠯᠡᠭᠡᠤᠨ ᠳᠠᠭᠤᠰᠤᠰᠢ ᠦᠭᠡᠶ ᠢᠷᠠᠭᠤ ᠨᠠᠢ᠌ᠷᠠᠭ ᠂ ᠳᠤᠭᠯᠠᠭᠠᠤᠨ ᠪᠠᠷᠠᠰᠢ ᠦᠭᠡᠶ ᠣᠯᠠᠨ ᠥᠵᠡᠭ᠍ᠳᠡᠯᠳᠤ ᠵᠥᠴᠦᠭᠡ ᠪᠢᠯᠠ ᠃ ᠳᠠᠢ᠌ᠮᠤ ᠡᠴᠡ ᠠᠮᠢᠳᠤᠷᠠᠯ ᠢ ᠨᠢᠭᠡ ᠱᠠᠤᠨ ᠰᠢᠯᠦᠭ᠌ ᠂ ᠨᠢᠭᠡ ᠪᠠᠳᠠᠭ ᠳᠠᠭᠤᠤ ᠪᠣᠶᠤ ᠨᠢᠭᠡ ᠳᠠᠯᠠᠪᠠᠢ ᠵᠥᠴᠦᠭᠡ ᠭᠡᠳᠡᠭ᠌ ᠃ ᠠᠮᠢᠳᠤᠷᠠᠯ ᠂ ᠵᠥᠴᠦᠭᠡ ᠬᠤᠶᠠᠷ ᠲᠤ ᠳᠦᠰᠳᠠᠢ ᠳᠠᠯ᠎ᠠ ᠣᠯᠠᠨ ᠪᠠᠢ᠌ᠳᠠᠭ ᠃ ᠭᠡᠭᠦ ᠳᠤ᠂ ᠵᠥᠴᠦᠭᠡ ᠪᠣᠯ ᠠᠮᠢᠳᠤᠷᠠᠯ ᠢ ᠳᠤᠰᠬᠠᠭᠰᠠᠨ ᠳᠤᠭᠯᠠᠯᠳᠠ ᠪᠣᠯᠬᠤ ᠣᠴᠢᠷ ᠡᠴᠡ ᠭᠦᠮᠦᠰ ᠳᠡᠭᠦᠨ ᠢ ᠰᠠᠨᠠᠭᠠᠨ ᠳᠤᠷ᠎ᠠ ᠪᠠᠷ ᠶᠢᠡᠨ ᠳᠤᠭᠯᠠᠭᠠᠤᠨ ᠰᠠᠢ᠌ᠬᠠᠨ ᠮᠠᠭᠤᠬᠠᠢ ᠳᠡᠭᠦᠰᠭᠡᠯ ᠥᠭ᠍ᠴᠤ ᠪᠦᠷ ᠪᠣᠯᠳᠠᠭ ᠃ ᠭᠡᠳᠡᠯ᠎ᠡ ᠂ ᠦᠨᠡᠨ ᠪᠣᠳᠠᠳᠤ ᠠᠮᠢᠳᠤᠷᠠᠯ ᠪᠣᠯ ᠬᠠᠷᠢᠨ ᠭᠦᠮᠤᠨ ᠤ ᠰᠠᠨᠠᠭᠠᠨ ᠳᠤᠷ᠎ᠠ ᠪᠠᠷ ᠪᠣᠯᠵᠤ ᠥᠭ᠍ᠳᠡᠭ᠌ ᠦᠭᠡᠶ ᠶᠤᠮ ᠃

ᠠᠮᠢᠳᠤᠷᠠᠯ ᠂ ᠵᠠᠷᠢᠮ ᠦᠶ᠎ᠡ ᠳᠤ ᠭᠦᠮᠤᠨ ᠶᠢᠡᠷ ᠭᠡᠦᠭᠡᠯᠳᠡᠢ ᠰᠢᠭ᠌ ᠳᠤᠭᠯᠠᠵᠤ ᠳᠤᠭᠯᠠᠭᠠᠤᠨ ᠬᠠᠷ᠎ᠠ ᠭᠦᠷᠦᠰᠤᠨ ᠳᠡᠭᠡᠨ ᠰᠢᠩᠭᠡᠭᠡᠵᠤ ᠣᠷᠭᠢᠳᠠᠭ ᠃ ᠵᠠᠷᠢᠮ ᠦᠶ᠎ᠡ ᠳᠤ ᠪᠠᠰᠠ ᠭᠦᠮᠤᠨ ᠢ ᠡᠷᠭᠦᠭᠡᠤᠨ ᠭᠡᠢ ᠰᠠᠯᠭᠢ ᠰᠢᠭ ᠳᠡᠭ᠍ᠳᠡᠭᠦᠯᠵᠤ ᠪᠠᠢ᠌ᠳᠠᠭ ᠃ ᠠᠮᠢᠳᠤᠷᠠᠯ ᠂ ᠭᠦᠮᠦᠰ ᠢ ᠪᠠᠶᠠᠷᠯᠠᠬᠤ ᠂ ᠢᠨᠢᠶᠡᠭᠦ ᠂ ᠣᠭᠢᠯᠠᠬᠤ ᠂ ᠭᠢᠯᠢᠩᠨᠡᠭᠦ ᠂ ᠣᠢ᠌ᠤᠠᠬᠠᠷᠯᠠᠬᠤ ᠂ ᠪᠣᠭᠢᠨᠢᠳᠤᠬᠤ ᠁ ᠵᠡᠷᠭᠡ ᠳᠠᠯᠠᠢ ᠥᠷᠭᠡᠨ ᠠᠭᠤᠯᠭ᠎ᠠ ᠳᠠᠭᠠᠨ ᠰᠤᠭᠳᠤᠭᠤᠷᠠᠭᠤᠯᠳᠠᠭ ᠃ ᠠᠮᠢᠳᠤᠷᠠᠯ ᠭᠦᠮᠦᠰ ᠲᠤ ᠭᠠᠰᠢᠭᠤᠨ ᠡᠭᠡᠭᠦᠨ ᠂ ᠰᠢᠬᠢᠷᠯᠢᠭ᠌ ᠂ ᠱᠤᠷᠪᠣᠭ ᠂ ᠢᠰᠭᠦᠯᠡᠩ ᠁ ᠵᠡᠷᠭᠡ ᠭᠦᠮᠤᠨ ᠤ ᠣᠷᠴᠢᠯᠠᠩ ᠤᠨ ᠠᠮᠳᠠ ᠶᠢ ᠠᠮᠳᠠᠯᠠᠭᠤᠯᠤᠨ᠎ᠠ ᠃ ᠠᠮᠢᠳᠤᠷᠠᠯ ᠠᠭᠤᠯᠠᠰ ᠢ ᠪᠦᠵᠢᠭᠯᠡᠭᠦᠯᠵᠤ ᠭᠤᠷᠤᠬ᠎ᠠ ᠶᠢ ᠳᠠᠭᠤᠯᠠᠭᠤᠯᠵᠤ ᠂ ᠴᠡᠴᠡᠭ᠌ ᠢ ᠮᠥᠰᠢᠶᠡᠯᠭᠡᠨ ᠂ ᠰᠢᠪᠠᠭᠤ ᠶᠢ ᠵᠢᠷᠭᠢᠭᠦᠯᠦᠨ᠎ᠡ ᠃ ᠠᠮᠢᠳᠤᠷᠠᠯ ᠳᠤ ᠪᠠᠰᠠ ᠠᠮᠤᠷ ᠳᠠᠢ᠌ᠪᠣᠩ ᠂ ᠠᠵᠠ ᠵᠢᠷᠭᠠᠯ ᠂ ᠠᠮᠠᠷᠠᠭ ᠬᠠᠢ᠌ᠷ᠎ᠠ ᠂ ᠠᠠᠳᠠ ᠨᠠᠢ᠌ᠵᠠ ᠭᠡᠵᠤ ᠪᠣᠢ ᠃ ᠠᠮᠢᠳᠤᠷᠠᠯ ᠳᠤ ᠪᠠᠰᠠ ᠦᠨᠡᠨ ᠬᠤᠳᠠᠯ ᠂ ᠶᠠᠳᠠᠭᠤ ᠪᠠᠶᠠᠨ ᠂ ᠭᠦᠡᠳᠦᠦᠡᠭᠡᠯ ᠳᠤᠷᠤᠮᠵᠢᠯᠠᠯ ᠂ ᠮᠠᠭᠳᠠᠭᠠᠯ ᠰᠢᠭᠦᠮᠵᠢᠯᠡᠯ ᠂ ᠬᠠᠢ᠌ᠷ᠎ᠠ ᠬᠤᠷᠤᠰᠤᠯ ᠂ ᠥᠭᠡᠳᠡᠯᠡᠯ ᠣᠷᠤᠭᠤᠳᠠᠯ ᠮᠠᠳᠤ ᠶᠢᠨ ᠰᠠᠢ᠌ᠨ ᠪᠠ ᠮᠠᠭᠤ ᠂ ᠰᠠᠢ᠌ᠬᠠᠨ ᠪᠠ ᠮᠠᠭᠤᠬᠠᠢ ᠶᠠᠭᠤᠮᠠᠰ ᠰᠡᠭᠦᠳᠡᠷ ᠰᠢᠭ᠌ ᠰᠠᠯᠤᠰᠢ ᠦᠭᠡᠶ ᠴᠢᠷᠤᠯᠳᠠᠨ ᠳᠠᠭᠠᠯᠳᠤᠵᠤ ᠶᠠᠪᠣᠳᠠᠭ ᠃

ᠭᠦᠮᠤᠨ ᠤ ᠠᠮᠢᠳᠤᠷᠠᠯ ᠭᠡᠭ᠍ᠴᠢ ᠡᠭᠡᠨᠡᠭ᠍ᠳᠡ ᠣᠰᠤᠨ ᠲᠦᠪᠰᠢᠨ ᠰᠢᠭ᠌ ᠳᠡᠭ᠍ᠰᠢ ᠪᠠᠢ᠌ᠵᠤ ᠴᠢᠳᠠᠳᠠᠭ ᠦᠭᠡᠶ ᠪᠢᠯᠠ ᠃ ᠳᠠᠢ᠌ᠮᠤ ᠡᠴᠡ ᠡᠩ ᠳᠡᠯᠡᠭᠡᠢ ᠶᠢᠨ ᠭᠦᠮᠦᠰ ᠤᠨ ᠵᠠᠷᠢᠮ ᠨᠢ ᠭᠦᠯ ᠶᠢᠡᠨ ᠳᠡᠭ᠍ᠷᠢ ᠥᠭᠡᠳᠡ ᠵᠢᠭᠢᠵᠤ ᠂ ᠭᠦᠵᠦᠭᠦᠤ ᠨᠢᠷᠤᠭᠤ ᠭᠡᠳᠡᠢ᠌ᠯᠭᠡᠵᠤ ᠴᠡᠴᠡᠭ᠌ ᠰᠢᠭ᠌ ᠰᠠᠢ᠌ᠬᠠᠨ ᠠᠮᠢᠳᠤᠷᠠᠯ ᠢ ᠡᠳ᠋ᠯᠡᠵᠤ ᠶᠠᠪᠣᠳᠠᠭ ᠃ ᠵᠠᠷᠢᠮ ᠨᠢ ᠭᠦᠷᠦᠰᠤᠨ ᠳᠤ ᠭᠦᠯᠦᠰᠤ ᠪᠠᠨ ᠳᠤᠰᠤᠭᠠᠵᠤ ᠭᠦᠵᠦᠭᠦᠤ ᠨᠢᠷᠤᠭᠤ ᠪᠦᠭᠦᠢ᠌ᠵᠤ ᠨᠠᠰᠤ ᠪᠠᠷ ᠶᠢᠡᠨ ᠵᠢᠦᠡᠭᠦᠭᠡᠤᠨ ᠮᠦᠨ ᠯᠠ ᠬᠠᠳᠡᠭᠤ ᠪᠠᠷᠭᠡ ᠠᠮᠢᠳᠤᠷᠡᠯ ᠢ ᠡᠳ᠋ᠯᠡᠵᠤ ᠶᠠᠪᠣᠳᠠᠭ ᠃ ᠠᠩᠭ᠋ᠠᠢ᠌ᠵᠤ ᠢᠳᠡᠭᠡᠤᠨ ᠳᠠᠩᠭ᠋ᠠᠢ᠌ᠵᠤ ᠭᠡᠪᠳᠡᠭᠦ ᠶᠢ ᠠᠮᠢᠳᠤᠷᠠᠯ ᠤᠨ ᠵᠢᠷᠭᠠᠯ ᠭᠡᠵᠤ ᠥᠵᠡᠭ᠍ᠰᠡᠳ ᠲᠤ ᠵᠢᠷᠭᠠᠯ ᠨᠢ ᠴᠤ ᠵᠤᠪᠠᠯᠠᠩ ᠲᠡᠶ ᠰᠠᠨᠠᠭᠳᠠᠳᠠᠭ ᠣᠴᠢᠷ ᠡᠴᠡ ᠳᠠᠳᠠᠨᠤᠰ ᠲᠤ ᠠᠮᠢᠳᠤᠷᠠᠯ ᠤᠨ ᠵᠢᠩᠭᠢᠨᠢ ᠵᠢᠷᠭᠠᠯ ᠢᠮᠠᠭᠳᠠ ᠵᠠᠢ᠌ᠳᠠᠭᠤ ᠪᠠᠢ᠌ᠳᠠᠭ ᠃ ᠭᠦᠴᠤ ᠪᠠᠨ ᠰᠢᠪᠬᠠᠨ ᠭᠦᠯᠦᠰᠤ ᠪᠠᠨ ᠣᠷᠤᠰᠬᠠᠵᠤ ᠂ ᠪᠣᠰᠤᠳ ᠢ ᠬᠠᠪᠰᠤᠷᠤᠨ ᠳᠤᠰᠠᠯᠠᠬᠤ ᠪᠠᠷ ᠵᠢᠷᠭᠠᠯ ᠶᠢᠡᠨ ᠪᠣᠯᠭᠠᠭᠰᠠᠤᠨ ᠲᠤ ᠯᠠ ᠠᠮᠢᠳᠤᠷᠠᠯ ᠤᠨ ᠵᠢᠩᠭᠢᠨᠢ ᠵᠢᠷᠭᠠᠯ ᠢᠮᠠᠭᠳᠠ ᠣᠢ᠌ᠷᠠᠬᠠᠨ ᠪᠠᠢ᠌ᠳᠠᠭ ᠪᠢᠯᠠ ᠃ ᠠᠮᠢᠳᠤᠷᠠᠯ ᠤᠨ ᠵᠢᠷᠭᠠᠯ ᠭᠡᠭ᠍ᠴᠢ ᠳᠡᠭ᠍ᠷᠢ ᠡᠴᠡ ᠣᠨᠠᠵᠤ ᠢᠷᠡᠳᠡᠭ᠌ ᠶᠠᠭᠤᠮ᠎ᠠ ᠪᠢᠰᠢ ᠃ ᠭᠦᠮᠤᠨ ᠲᠦᠷᠦᠯᠭᠢᠳᠠᠨ ᠤ ᠠᠮᠢᠳᠤᠷᠠᠯ ᠶᠠᠷᠤᠨᠢ ᠪᠠᠷᠭᠡ ᠪᠠᠷᠳᠠᠭᠠᠳᠤ ᠵᠠᠮ ᠶᠢᠡᠷ ᠭᠦᠭ᠍ᠵᠢᠵᠤ ᠢᠷᠡᠭ᠍ᠰᠡᠨ ᠶᠤᠮ ᠃ ᠡᠨᠡ ᠨᠢ ᠶᠠᠭ ᠪᠠᠷᠳᠠᠭ᠎ᠠ ᠰᠢᠡᠵᠢᠯᠡᠭ᠍ᠴᠢᠤᠨ ᠭᠡᠳᠤᠨ ᠠᠷᠪᠠᠨ ᠵᠣᠢ᠌ᠯ ᠶᠢᠡᠷ ᠠᠭᠤᠯᠠ ᠣᠰᠤᠨ ᠤ ᠪᠠᠷᠭᠡ ᠪᠠᠷᠳᠠᠭ᠎ᠠ ᠶᠢ ᠳᠤᠭᠤᠯᠤᠨ ᠪᠠᠢ᠌ᠵᠤ ᠰᠠᠶ‍ᠢ ᠨᠢᠭᠡ ᠭᠡᠰᠡᠭ᠌ ᠰᠢᠨ᠎ᠠ ᠡᠭᠡ ᠬᠠᠭᠤᠷᠠᠢ ᠶᠢ ᠢᠯᠡᠷᠡᠭᠦᠯᠳᠡᠭ᠌ ᠲᠡᠶ ᠠᠳᠠᠯᠢ ᠪᠠᠷ ᠠᠮᠢᠳᠤᠷᠠᠯ ᠤᠨ ᠵᠢᠷᠭᠠᠯ ᠢ ᠬᠠᠳᠠᠭᠤᠵᠢᠯ ᠳᠠᠮᠠᠴᠠᠯ ᠶᠢᠡᠷ ᠯᠠ ᠰᠠᠶ‍ᠢ ᠣᠯᠵᠤ ᠡᠳ᠋ᠯᠡᠳᠡᠭ᠌ ᠠᠵᠠᠢ ᠃

ᠠᠯᠳᠠᠵᠤ ᠣᠯᠬᠤ ᠪᠣᠯ ᠭᠦᠮᠤᠨ ᠤ ᠠᠮᠢᠳᠤᠷᠠᠯ ᠤᠨ ᠴᠢᠬᠤᠯᠠ ᠨᠢᠭᠡᠨ ᠠᠭᠤᠯᠭ᠎ᠠ ᠮᠦᠨ ᠃ ᠵᠠᠷᠢᠮ ᠭᠦᠮᠤᠨ ᠨᠠᠰᠤᠨ ᠳᠤᠷᠰᠢ ᠵᠥᠪᠭᠡᠨ ᠣᠯᠵᠠ ᠠᠰᠢᠭ ᠤᠨ ᠳᠦᠯᠦᠭᠡ ᠥᠭᠦᠨ ᠵᠢᠦᠡᠭᠦᠵᠤ ᠡᠳ᠋ ᠮᠥᠩᠭᠦ ᠶᠢ ᠣᠯᠵᠤ ᠬᠠᠷᠠᠮᠠᠭᠴᠠ ᠨᠢᠳᠤ ᠨᠢ ᠣᠯᠠᠢ᠌ᠵᠤ ᠰᠢᠯᠤᠰᠤ ᠨᠢ ᠭᠤᠭᠤᠵᠢᠳᠠᠭ ᠃ ᠡᠢ᠌ᠮᠤ ᠭᠦᠮᠦᠰ ᠨᠢᠭᠡ ᠨᠠᠰᠤᠨ ᠳᠠᠭᠠᠨ ᠡᠳ᠋ ᠮᠥᠩᠭᠦ ᠡᠴᠡ ᠣᠠᠳᠤᠤ ᠶᠠᠭᠤ ᠶᠢ ᠴᠤ ᠣᠯᠵᠤ ᠴᠢᠳᠠᠳᠠᠭ ᠦᠭᠡᠶ ᠪᠠᠢ᠌ᠯ᠎ᠠ ᠃ ᠭᠡᠳᠡᠯ᠎ᠡ ᠵᠠᠷᠢᠮ ᠭᠦᠮᠤᠨ ᠠᠮᠢᠳᠤᠷᠠᠯ ᠤᠨ ᠣᠷᠳᠤ ᠣᠳᠠᠭᠠᠨ ᠠᠶᠠᠨ ᠳᠤ ᠠᠯᠳᠠᠬᠤ ᠶᠤᠰᠤᠳᠠᠢ ᠪᠠᠨ ᠠᠯᠳᠠᠵᠤ ᠶᠠᠪᠣᠳᠠᠭ ᠶᠢᠡᠷ ᠦᠯᠦ ᠪᠠᠷᠠᠨ ᠂ ᠣᠯᠬᠤ ᠶᠤᠰᠤᠳᠠᠢ ᠪᠠᠨ ᠠᠯᠳᠠᠭᠰᠠᠨ ᠴᠤ ᠣᠭᠳᠤ ᠭᠡᠮᠰᠢᠳᠡᠭ᠌ ᠦᠭᠡᠶ ᠪᠦᠭᠡᠤᠨ ᠪᠣᠰᠤᠳ ᠤᠨ ᠠᠰᠢᠭ ᠳᠤᠰᠠ ᠭᠢᠭᠡᠤᠨ ᠵᠤᠯ ᠵᠢᠷᠭᠠᠯ ᠤᠨ ᠳᠦᠯᠦᠭᠡ ᠭᠡᠴᠢᠨᠡᠨ ᠶᠡᠭᠡ ᠥᠷᠡᠭ᠍ᠳᠡᠯ ᠭᠠᠷᠭᠠᠭᠰᠠᠨ ᠴᠤ ᠳᠤᠩ ᠵᠢᠷᠭᠠᠯ ᠲᠡᠶ ᠰᠠᠨᠠᠭᠳᠠᠳᠠᠭ ᠃ ᠳᠠᠳᠠ ᠂ ᠠᠮᠢᠳᠤᠷᠠᠯ ᠤᠨ ᠣᠤᠠᠬ᠎ᠠ ᠠᠭᠤᠯᠭ᠎ᠠ ᠨᠢ ᠪᠣᠰᠤᠳ ᠲᠤ ᠶᠠᠭᠤ ᠨᠢᠭᠡ ᠶᠢ ᠭᠠᠢ᠌ᠬᠠᠭᠤᠯᠬᠤ ᠳᠤ ᠪᠠᠢ᠌ᠳᠠᠭ ᠪᠢᠰᠢ ᠂ ᠬᠠᠷᠢᠨ ᠪᠣᠰᠤᠳ ᠲᠤ ᠬᠠᠢ᠌ᠷ᠎ᠠ ᠪᠠᠨ ᠡᠷᠭᠦᠵᠤ ᠣᠯᠤᠰ ᠣᠷᠤᠨ ᠤ ᠠᠰᠢᠭ ᠳᠤᠰᠠ ᠪᠣᠯᠤᠨ ᠠᠷᠠᠤᠨ ᠲᠦᠮᠡᠨ ᠳᠤ ᠥᠢᠯᠡᠴᠢᠯᠡᠭᠦ ᠣᠢ᠌ᠯᠠᠰ ᠲᠤ ᠨᠠᠮᠠᠷᠢ ᠬᠠᠠᠳᠢᠪ ᠡᠷᠭᠦᠭᠦ ᠳᠤ ᠯᠠ ᠪᠠᠢ᠌ᠨ᠎ᠠ ᠭᠡᠵᠤ ᠥᠵᠡᠳᠡᠭ᠌ ᠪᠦᠭᠡᠤᠨ ᠶᠤᠷᠤᠭ ᠡᠮᠦᠰᠴᠤ ᠪᠦᠷᠭᠡ ᠳᠤ ᠰᠠᠭᠤᠭᠰᠠᠨ ᠴᠤ ᠪᠣᠰᠤᠳ ᠤᠨ ᠭᠠᠴᠢᠭᠳᠠᠯ ᠳᠤ ᠬᠠᠢ᠌ᠷ᠎ᠠ ᠶᠢᠨ ᠬᠠᠯᠠᠭᠤᠨ ᠭᠠᠷ ᠶᠢᠡᠨ ᠰᠤᠩᠭ᠋ᠠᠭᠴᠢᠤᠨ ᠯᠠ ᠰᠠᠶ‍ᠢ ᠣᠢ᠌ᠯᠠᠰ ᠤᠨ ᠰᠠᠢ᠌ᠨ ᠰᠠᠢ᠌ᠬᠠᠨ ᠢ ᠪᠦᠳᠦᠭᠡᠵᠤ ᠠᠮᠢᠳᠤᠷᠠᠯ ᠤᠨ ᠭᠠᠢ᠌ᠬᠠᠮᠰᠢᠭ ᠢ ᠪᠦᠳᠦᠭᠡᠵᠤ ᠴᠢᠳᠠᠨ᠎ᠠ ᠭᠡᠵᠤ ᠥᠵᠡᠳᠡᠭ᠌ ᠃ ᠭᠦᠮᠤᠨ ᠤ ᠠᠮᠢᠳᠤᠷᠠᠯ ᠤᠨ ᠣᠤᠠᠬ᠎ᠠ ᠠᠭᠤᠯᠭ᠎ᠠ ᠭᠡᠭ᠍ᠴᠢ ᠡᠨᠡ ᠯᠠ ᠪᠠᠢ᠌ᠬᠤ ᠣᠴᠢᠷᠳᠠᠢ ᠃

ᠠᠮᠢᠳᠤᠷᠠᠯ ᠬᠠᠢ᠌ᠷ᠎ᠠ ᠳᠡᠭᠡᠷ᠎ᠡ ᠳᠤᠭᠳᠠᠨ᠎ᠠ ᠃ ᠠᠮᠢᠳᠤᠷᠠᠯ ᠢ ᠭᠦᠳᠡᠯᠮᠦᠷᠢ ᠪᠠᠷ ᠴᠤᠭᠴᠠᠯᠠᠨ᠎ᠠ ᠃ ᠭᠦᠰᠡᠯ ᠪᠣᠯ ᠠᠮᠢᠳᠤᠷᠠᠯ ᠤᠨ ᠵᠢᠭᠦᠷ ᠂ ᠵᠤᠷᠢᠭ ᠪᠣᠯ ᠠᠮᠢᠯᠠᠯ ᠤᠨ ᠭᠦᠴᠤᠨ ᠂ ᠠᠮᠵᠢᠯᠳᠠ ᠪᠦᠳᠦᠭᠡᠯ ᠪᠣᠯ ᠠᠮᠢᠳᠤᠷᠠᠯ ᠤᠨ ᠦᠷ᠎ᠡ ᠵᠢᠮᠢᠰ ᠪᠢᠯᠠ ᠃ ᠭᠦᠴᠤ ᠬᠦᠳᠡᠯᠮᠤᠷᠢ ᠪᠠᠷ ᠶᠢᠡᠨ ᠠᠮᠢᠳᠤᠷᠠᠯ ᠤᠨ ᠨᠤᠭᠤᠭᠠᠨ ᠮᠦᠴᠢᠷ ᠢ ᠠᠮᠢᠯᠡᠭᠤᠯᠵᠤ ᠂ ᠭᠦᠯᠦᠰᠤ ᠪᠠᠷ ᠶᠢᠡᠨ ᠠᠮᠢᠳᠤᠷᠠᠯ ᠤᠨ ᠣᠯᠠᠭᠠᠨ ᠴᠡᠴᠡᠭ᠌ ᠢ ᠣᠮᠳᠠᠯᠠᠭᠰᠠᠤᠨ ᠯᠠ ᠰᠠᠶ‍ᠢ ᠠᠮᠢᠳᠤᠷᠠᠯ ᠤᠨ ᠵᠢᠷᠭᠠᠯ ᠢ ᠡᠳ᠋ᠯᠡᠵᠤ ᠴᠢᠳᠠᠳᠠᠭ ᠪᠢᠯᠠ ᠃

ᠵᠤᠬᠢᠶᠠᠭᠴᠢ᠄ ᠰᠡᠷᠵᠢᠮ᠎ᠠ
ᠬᠠᠷᠢᠶ᠎ᠠ᠄ ᠨᠠᠢᠷᠠᠭᠤᠯᠤᠯ
ᠳᠠᠷᠤᠮ᠄ 9266
ᠴᠠᠭ᠄ 2004 ᠤᠨ ᠤ 07 ᠰᠠᠷ᠎ᠠ ᠶᠢᠨ 18
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ