☆ ᠰᠠ᠊·ᠵᠠᠮᠢᠶᠠᠨ
ᠤᠤ ᠮᠦᠷᠠᠨ ᠤ ᠣᠰᠤᠨ
ᠣᠤᠭᠤᠵᠤ ᠭᠦᠷᠭᠦ ᠦᠭᠡᠶ ᠣᠰᠤᠨ ᠭᠡᠵᠤ
ᠣᠷᠢᠳᠤ ᠭᠠᠭᠴᠠ ᠱᠠᠭᠳᠠᠷ ᠭᠡᠯᠡᠯ᠎ᠡ ᠭᠡᠳᠡᠭ᠌
ᠣᠤ ᠮᠦᠷᠠᠨ ᠬᠠᠮᠢᠭ᠎ᠠ ᠪᠠᠢ᠌ᠨ᠎ᠠ ᠭᠡᠵᠤ
ᠣᠳᠤ ᠣᠯᠠᠨ ᠱᠠᠭᠳᠠᠷ ᠤᠳ ᠡᠷᠢᠵᠤ ᠡᠭᠢᠯᠡᠪᠡ᠂
ᠡᠨᠡᠭᠦᠷ ᠣᠷᠤᠰᠴᠤ ᠪᠠᠢ᠌ᠭᠰᠠᠨ ᠶᠤᠮ ᠭᠡᠵᠤ
ᠳᠡᠭᠡᠳᠤ ᠣᠷᠤᠰᠬᠠᠯ ᠤᠨ ᠭᠢᠨᠢ ᠡᠪᠦᠭᠡᠳ
ᠳᠤᠤᠷ᠎ᠠ ᠳᠠᠭᠤᠨ ᠵᠢᠠᠷ
ᠬᠠᠩᠭᠢᠨᠠᠮ᠎ᠠ ᠬᠠᠭᠤᠷᠠᠢ ᠭᠡᠯᠡᠵᠤ ᠪᠠᠢ᠌ᠯ᠎ᠠ᠂
ᠡ᠊ᠨᠳᠡ ᠪᠠᠢ᠌ᠨ᠎ᠠ ᠭᠡᠵᠤ
ᠳᠠᠰᠤᠷᠠᠵᠤ ᠥᠯᠡᠳᠡᠭ᠍ᠰᠡᠨ ᠭᠡᠰᠡᠭ᠌ ᠨᠢ
ᠳᠠᠷᠢᠶᠠᠨ ᠱᠠᠩ ᠣᠷᠤᠭᠤ ᠰᠢᠮᠰᠢᠷᠠᠨ ᠣᠷᠤᠬᠤ ᠳᠤ ᠪᠠᠨ
ᠵᠥᠳᠡᠭᠦᠭᠡᠨ ᠭᠡᠯᠡᠵᠤ ᠠᠮᠵᠢᠪᠠ᠂
ᠣᠤ ᠮᠦᠷᠠᠨ
ᠳᠡᠭ᠍ᠷᠢ ᠶᠢᠨ ᠭᠤᠤᠯ ᠶᠤᠮ ᠡ
ᠳᠡᠰᠭᠦ ᠦᠭᠡᠶ ᠪᠣᠯᠬᠤᠨᠠᠷᠠᠨ
ᠳᠡᠭ᠍ᠷᠢ ᠳᠤ ᠪᠠᠨ ᠳᠡᠭ᠍ᠳᠡᠯᠡ ᠰᠢᠤ ᠭᠡᠨ᠎ᠡ᠂
ᠣᠤ ᠮᠦᠷᠠᠨ
ᠭᠠᠵᠠᠷ ᠤᠨ ᠮᠦᠷᠠᠨ ᠶᠤᠮ ᠡ
ᠭᠠᠩᠰᠠᠷᠠᠬᠤ ᠳᠤ ᠪᠠᠨ
ᠭᠠᠵᠠᠷ ᠲᠤ ᠪᠠᠨ ᠰᠢᠩᠭᠡᠯ᠎ᠡ ᠰᠢᠤ ᠭᠡᠨ᠎ᠡ᠂
ᠣᠤ ᠮᠦᠷᠠᠨ
ᠳᠡᠦᠭᠡ ᠶᠢᠨ ᠣᠰᠤᠨ ᠶᠤᠮ ᠡ
ᠳᠦᠭᠡ ᠭᠢᠷᠢᠭᠡᠨ ᠦᠯᠠᠳᠠᠪᠠᠴᠤ
ᠭᠦᠭᠡ ᠰᠤᠳᠤᠷ ᠲᠤ ᠣᠷᠤ ᠲᠡᠶ ᠰᠢᠤ ᠭᠡᠨ᠎ᠡ᠂
ᠣᠤᠭᠤᠵᠤ ᠭᠦᠷᠭᠦ ᠦᠭᠡᠶ ᠶᠤᠮ ᠤᠤ
ᠣᠷᠤᠰᠴᠤ ᠪᠠᠷᠠᠬᠤ ᠦᠭᠡᠶ ᠶᠤᠮ ᠤᠤ
ᠣᠯᠤᠰ ᠤᠳ ᠣᠴᠢᠷ ᠮᠡᠳᠡᠭᠦ ᠦᠭᠡᠶ ᠳ᠋ᠤ
ᠣᠰᠤ ᠨᠢ ᠦᠪᠡᠷ ᠶᠢᠡᠨ ᠮᠠᠳᠠᠨ᠎ᠡ᠂
ᠣᠤ ᠮᠦᠷᠠᠨ
ᠮᠢᠨᠤ ᠭᠤᠤᠯ ᠤᠨ ᠴᠢᠰᠤ
ᠣᠤ ᠮᠦᠷᠠᠨ
ᠮᠠᠨ ᠤ ᠵᠤᠯᠠ ᠶᠢᠨ ᠳᠤᠰᠤ
ᠠᠢ ᠣᠤ ᠮᠦᠷᠠᠨ ᠮᠢᠨᠢ ᠡ ︕
ᠵᠤᠬᠢᠶᠠᠭᠴᠢ ᠶᠢᠨ ᠬᠠᠶᠢᠭ ᠄ ᠦᠪᠣᠷ ᠮᠤᠩᠭ᠋ᠤᠯ᠂ ᠠᠷᠤ ᠬᠤᠷᠴᠢᠨ
ᠵᠤᠬᠢᠶᠠᠭᠴᠢ᠄ ᠰᠠ᠊·ᠵᠠᠮᠢᠶᠠᠨ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 12382
ᠴᠠᠭ᠄ 2011 ᠤᠨ ᠤ 11 ᠰᠠᠷ᠎ᠠ ᠶᠢᠨ 27
ᠨᠠᠢ᠌ᠷᠠᠭᠤᠯᠤᠭᠴᠢ᠄ ᠪᠦᠬᠡᠡᠷᠳᠡᠨᠢ