☆ ᠫᠣᠠᠴᠤᠭ ᠤᠨ ᠮᠥᠩᠭᠡᠪᠠᠶᠡᠷ
ᠮᠤᠩᠭ᠋ᠤᠯ ᠭᠦᠮᠤᠨ ᠮᠠᠯᠵᠢᠶ᠎ᠠ ᠳᠤᠭᠯᠠᠨ᠎ᠠ
ᠮᠤᠩᠭ᠋ᠤᠯ ᠭᠦᠮᠤᠨ ᠮᠠᠯᠵᠢᠶ᠎ᠠ ᠳᠤᠭᠯᠠᠨ᠎ᠠ
ᠡᠭᠡᠮ ᠶᠢᠡᠨ ᠳᠠᠰᠢᠵᠤ ᠡᠷᠴᠢᠮᠳᠡᠢ ᠳᠤᠭᠯᠠᠨ᠎ᠠ
ᠡᠴᠡᠵᠤ ᠣᠮᠳᠠᠭᠠᠰᠬᠤ ᠪᠠᠨ ᠣᠮᠠᠷᠳᠠᠵᠤ ᠳᠤᠭᠯᠠᠨ᠎ᠠ
ᠡᠴᠢᠭᠡ ᠡᠭᠡ ᠪᠠᠨ ᠵᠤᠪᠠᠭᠠᠵᠤ ᠳᠤᠭᠯᠠᠨ᠎ᠠ
ᠡᠮᠡᠭ᠍ᠳᠡᠢ ᠬᠡᠦᠬᠡᠳ ᠶᠢᠡᠨ ᠦᠯᠦᠰᠭᠡᠵᠤ ᠳᠤᠭᠯᠠᠨ᠎ᠠ᠃
ᠮᠤᠩᠭ᠋ᠤᠯ ᠭᠦᠮᠤᠨ ᠮᠠᠯᠵᠢᠶ᠎ᠠ ᠳᠤᠭᠯᠠᠨ᠎ᠠ
ᠳᠠᠷᠤᠭ᠎ᠠ ᠺᠠᠳᠠᠷᠴᠤᠳ ᠳᠠᠭᠠᠭᠠᠭᠤᠯᠵᠤ ᠳᠤᠭᠯᠠᠨ᠎ᠠ
ᠳᠠᠭᠠᠮᠠᠢ ᠳ᠋ᠤᠨᠢ ᠳᠠᠷᠢᠶᠠᠴᠢᠳ᠂ ᠮᠠᠯᠴᠢᠳ ᠳᠤᠭᠯᠠᠨ᠎ᠠ
ᠳᠠᠪᠣ ᠲᠡᠶ ᠴᠤ ᠳᠤᠭᠯᠠᠨ᠎ᠠ᠂ ᠳᠠᠪᠢ ᠲᠡᠶ ᠴᠤ ᠳᠤᠭᠯᠠᠨ᠎ᠠ
ᠳᠠᠭᠠᠭᠠᠮᠠᠯ᠂ ᠪᠠᠭᠰᠢ᠂ ᠬᠤᠸᠠᠷᠠᠭᠴᠤᠳ ᠴᠤ ᠳᠤᠭᠯᠠᠨ᠎ᠠ᠃
ᠮᠤᠩᠭ᠋ᠤᠯ ᠭᠦᠮᠤᠨ ᠮᠠᠯᠵᠢᠶ᠎ᠠ ᠳᠤᠭᠯᠠᠨ᠎ᠠ
ᠳᠠᠭᠠᠭᠰᠠᠨ ᠮᠠᠯ ᠤᠨ ᠶᠢᠡᠨ ᠪᠠᠯᠴᠢᠭᠡᠷ ᠲᠤ ᠳᠤᠭᠯᠠᠨ᠎ᠠ
ᠳᠠᠷᠢᠶᠠᠨ ᠤ ᠪᠣᠬ᠎ᠠ ᠶᠢᠨ ᠳᠠᠯᠠᠩ ᠳᠤ ᠴᠤ ᠳᠤᠭᠯᠠᠨ᠎ᠠ
ᠳᠠᠷᠤᠭ᠎ᠠ ᠶᠢᠨ ᠠᠯᠪᠠᠨ ᠤ ᠭᠡᠷ ᠲᠤ ᠴᠤ ᠳᠤᠭᠯᠠᠨ᠎ᠠ
ᠳᠠᠯᠳᠠ ᠢᠯᠠ ᠶᠢ ᠬᠠᠮᠢᠶᠠᠷᠤᠯ ᠦᠭᠡᠶ ᠳᠤᠭᠯᠠᠨ᠎ᠠ᠃
ᠮᠤᠩᠭ᠋ᠤᠯ ᠭᠦᠮᠤᠨ ᠮᠠᠯᠵᠢᠶ᠎ᠠ ᠳᠤᠭᠯᠠᠨ᠎ᠠ
ᠡᠷᠭᠢᠮ ᠴᠤᠯᠠ ᠪᠠᠨ ᠳᠤᠷᠣᠢ᠌ᠳᠠᠳᠠᠯᠠ ᠪᠠᠨ ᠳᠤᠭᠯᠠᠨ᠎ᠠ
ᠡᠪᠯᠡᠭᠦᠯᠦᠭ᠍ᠰᠡᠨ ᠠᠮᠢᠳᠤᠷᠠᠯ ᠶᠢᠡᠨ ᠬᠠᠭᠠᠴᠠᠳᠠᠯᠠ ᠳᠤᠭᠯᠠᠨ᠎ᠠ
ᠡᠷ᠎ᠡ ᠶᠢᠨ ᠭᠤᠷᠪᠠᠨ ᠨᠠᠭᠠᠳᠤᠮ ᠶᠢᠡᠷ ᠶᠢᠡᠨ ᠴᠤ ᠳᠤᠭᠯᠠᠯ᠎ᠠ
ᠡᠳ᠋ ᠵᠥᠭᠡᠷᠢ ᠪᠠᠨ ᠬᠤᠭᠤᠰᠤᠷᠳᠠᠯᠠ ᠪᠠᠨ ᠳᠤᠭᠯᠠᠯ᠎ᠠ᠃
ᠮᠤᠩᠭ᠋ᠤᠯ ᠭᠦᠮᠤᠨ ᠮᠠᠯᠵᠢᠶ᠎ᠠ ᠳᠤᠭᠯᠠᠯ᠎ᠠ
ᠦᠷᠦᠭᠡᠯ ᠦᠨᠳᠦᠰᠦᠳᠠᠨ ᠢ ᠪᠠᠶᠠᠵᠢᠭᠤᠯᠵᠤ ᠳᠤᠭᠯᠠᠯ᠎ᠠ
ᠦᠷᠯᠦᠭ᠌ ᠶᠠᠰᠤᠳᠠᠨ ᠶᠢᠡᠨ ᠳᠤᠷᠣᠢ᠌ᠳᠠᠭᠤᠯᠵᠤ ᠳᠤᠭᠯᠠᠯ᠎ᠠ
ᠦᠷᠢᠨ ᠰᠢᠷᠢᠨ ᠳᠤ ᠪᠠᠷᠢᠭᠳᠠᠳᠠᠯᠠ ᠪᠠᠨ ᠳᠤᠭᠯᠠᠯ᠎ᠠ
ᠦᠪᠡᠷ ᠤᠨ ᠠᠮᠢ ᠪᠠᠨ ᠠᠪᠬᠤ ᠦᠭᠡᠶ ᠶᠤᠮ ᠰᠢᠭ ᠳᠤᠭᠯᠠᠯ᠎ᠠ᠃
ᠮᠤᠩᠭ᠋ᠤᠯ ᠭᠦᠮᠤᠨ ᠮᠠᠯᠵᠢᠶ᠎ᠠ ᠳᠤᠭᠯᠠᠯ᠎ᠠ
᠁ ᠁
ᠡᠷᠭᠡᠭᠦᠤ ᠮᠤᠩᠬᠠᠭ ᠶᠢᠡᠨ ᠭᠠᠢ᠌ᠬᠠᠭᠤᠯᠳᠠᠯᠠ ᠪᠠᠨ ᠳᠤᠭᠯᠠᠯ᠎ᠠ
ᠡᠴᠦᠰ ᠳᠤᠨᠢ ᠡᠷᠭᠢᠭᠡᠳ ᠭᠣᠢ᠌ᠷᠠᠠᠴᠢᠯᠠᠳᠠᠯᠠ ᠪᠠᠨ ᠳᠤᠭᠯᠠᠯ᠎ᠠ᠃
ᠵᠤᠬᠢᠶᠠᠭᠴᠢ ᠶᠢᠨ ᠬᠠᠶᠢᠭ᠄ ᠰᠢᠠᠵᠢᠶᠠᠩ ᠤᠨ ᠪᠠᠶᠠᠠᠭᠤᠤᠯ ᠵᠸᠤ ᠶᠢᠨ ᠪᠠᠶᠠᠪᠣᠯᠠᠭ ᠪᠠᠯᠭᠠᠰᠤᠨ
ᠵᠤᠬᠢᠶᠠᠭᠴᠢ᠄ ᠫᠣᠠᠴᠤᠭ ᠤᠨ ᠮᠥᠩᠭᠡᠪᠠᠶᠡᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2641
ᠴᠠᠭ᠄ 2010 ᠤᠨ ᠤ 05 ᠰᠠᠷ᠎ᠠ ᠶᠢᠨ 22
ᠨᠠᠢ᠌ᠷᠠᠭᠤᠯᠤᠭᠴᠢ᠄ ᠪᠦᠬᠡᠡᠷᠳᠡᠨᠢ