ᠨᠡᠪᠲᠡᠷᠡᠨ ᠤᠷᠤᠬᠤ
ᠡᠪᠦᠯ ᠤᠨ ᠥᠷᠯᠦᠭᠡ

ᠭᠦᠢᠳᠡᠨ ᠳᠤᠩᠭ᠋ᠠᠯᠠᠭ ᠦᠷᠯᠦᠭᠡ ᠪᠣᠯᠪᠠ᠃

ᠭᠦᠤ ᠮᠢᠨᠢ ᠣᠳᠤ ᠨᠣᠢ᠌ᠷ ᠡᠴᠠ ᠰᠠᠷᠢ᠃

ᠭᠡᠷᠡᠯᠳᠤ ᠰᠠᠢ᠌ᠬᠠᠨ ᠨᠢᠳᠤ ᠪᠠᠨ ᠨᠡᠭᠡᠭᠡᠵᠤ

ᠭᠡᠭᠡᠨ ᠣᠳᠤ ᠰᠢᠭ ᠭᠢᠯᠠᠯᠵᠠᠭᠠᠤᠨ ᠪᠤᠰ᠃

ᠦᠵᠡᠰᠭᠦᠯᠡᠩᠳᠤ ᠪᠦᠰᠡᠭᠦᠢ ᠮᠢᠨᠢ᠂ ᠦᠷᠯᠦᠭᠡ ᠪᠣᠯᠵᠠᠢ᠃

ᠦᠳᠡᠰᠢ ᠶᠠᠮᠠᠷ ᠪᠠᠢ᠌ᠭᠰᠠᠨ ᠢ ᠰᠠᠨᠠᠵᠤ ᠪᠠᠢ᠌ᠨᠠᠤ ︖

ᠰᠢᠭᠤᠷᠭ᠎ᠠ ᠳᠤᠭᠰᠢᠷᠠᠨ ᠣᠢ᠌ᠮᠠᠵᠤ

ᠳᠡᠭ᠍ᠷᠢ ᠪᠣᠯᠠᠩᠭᠢᠷᠳᠤᠨ ᠬᠠᠷᠠᠩᠭ᠋ᠣᠢ᠌ᠯᠠᠵᠤ

ᠪᠠᠷᠠᠭᠠᠨ ᠡᠭᠦᠯᠡᠨ ᠤ ᠳᠤᠳᠤᠷ᠎ᠠ᠂

ᠴᠠᠭᠠᠨ ᠰᠠᠷᠠ ᠪᠠᠷᠤᠭ ᠬᠠᠷᠠᠭᠳᠠᠬᠤ ᠦᠭᠡᠶ ᠪᠦᠷᠦᠯᠵᠡᠵᠤ ᠪᠠᠢ᠌ᠭᠰᠠᠨ᠂

ᠭᠦᠤ ᠮᠢᠨᠢ ᠣᠳᠤ ᠴᠤᠩᠬᠤ ᠪᠠᠷ ᠬᠠᠷᠠ ︕

ᠳᠡᠭ᠍ᠷᠢ ᠶᠢᠨ ᠳᠡᠭᠡᠷ᠎ᠡ ᠴᠠᠭᠠᠨ ᠴᠠᠰᠤ ᠭᠢᠯᠠᠯᠵᠤ

ᠰᠢᠭᠦᠳᠡᠷᠢ ᠶᠢᠨ ᠳᠤᠮᠳᠠ ᠡᠴᠠ ᠭᠠᠴᠤᠷ᠎ᠠ ᠮᠤᠳᠤ ᠨᠤᠭᠤᠭᠠᠷᠠᠵᠤ

ᠮᠦᠰᠤᠨ ᠳᠤᠭᠤᠤᠷ ᠭᠤᠷᠤᠬ᠎ᠠ ᠶᠢᠨ ᠣᠰᠤ ᠵᠢᠷᠠᠯᠵᠠᠨ᠎ᠡ᠃

ᠪᠠᠢ᠌ᠰᠢᠩ ᠳᠤ ᠭᠡᠷᠡᠯ ᠳᠦᠭᠡᠵᠤ

ᠫᠢᠰᠢᠩ ᠳᠤ ᠭᠠᠯ ᠨᠤᠴᠤᠵᠤ

ᠳᠤᠯᠠᠭᠠᠨ ᠰᠠᠢ᠌ᠬᠠᠨ ᠪᠠᠢ᠌ᠨ᠎ᠠ᠃

ᠵᠠ ᠮᠤᠷᠢ ᠪᠠᠨ ᠴᠢᠷᠭᠠᠨ ᠳᠤ ᠭᠦᠯᠯᠡᠭᠡᠳ

ᠰᠢᠨ᠎ᠡ ᠴᠠᠰᠤᠨ ᠳᠤ ᠭᠤᠯᠭᠤᠵᠤ

ᠬᠤᠭᠤᠰᠤᠨ ᠴᠠᠭᠠᠨ ᠳᠠᠯ᠎ᠠ ᠳᠤ

ᠭᠦᠨ ᠶᠡᠭᠡ ᠣᠢ ᠳᠤ ᠵᠤᠭᠠᠴᠠᠨ ᠳᠠᠪᠭᠢᠶ᠎ᠠ᠃


1829 ᠣᠨ


ᠵᠤᠬᠢᠶᠠᠭᠴᠢ ᠶᠢᠨ ᠬᠠ‍‌ᠶᠢᠭ ᠄ ᠳᠦᠷᠪᠠᠤᠨ ᠤᠨ ᠵᠢᠭᠠᠬᠤ ᠶᠢ ᠰᠤᠳᠤᠯᠬᠤ ᠳᠠᠰᠤᠭ

ᠵᠤᠬᠢᠶᠠᠭᠴᠢ᠄ ᠫᠦᠱᠺᠢᠨ (ᠴ·ᠳᠠᠮᠳᠢᠨᠰᠦ᠋ᠷᠦᠩ ᠮᠤᠩᠭᠤᠯᠴᠢᠯᠠᠪᠠ)
ᠢᠷᠡᠯᠲᠡ᠄ ᠪᠠ᠊·ᠷᠢᠠᠴᠢᠨ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 12880
ᠴᠠᠭ᠄ 2013 ᠤᠨ ᠤ 10 ᠰᠠᠷ᠎ᠠ ᠶᠢᠨ 28
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ