☆ ᠰᠢᠷᠡᠭᠦ᠋ᠤ
ᠮᠢᠨᠤ ᠰᠤᠷᠭᠠᠭᠤᠯᠢ
᠊᠊᠊᠊᠊᠊᠊᠊᠊᠊᠊᠊᠊᠊᠊ ᠰᠤᠷᠭᠠᠭᠤᠯᠢ ᠪᠠᠢ᠌ᠭᠤᠯᠤᠭᠳᠠᠭᠰᠠᠨ 50 ᠵᠢᠯ ᠤᠨ ᠣᠢ ᠳ᠋ᠤ
ᠠᠯᠳᠡᠨ᠊ᠡᠮᠡᠭᠡᠯ ᠤᠨ ᠪᠣᠭᠤᠷᠤᠯ ᠳᠤᠮᠤᠭ ᠳᠠᠢ
ᠮᠥᠩᠭᠡ ᠣᠷᠤᠰᠢᠬᠤ
ᠪᠠᠷᠭᠤ ᠨᠤᠳᠤᠭ ᠤᠨ ᠰᠤᠶᠤᠯ ᠤᠨ ᠥᠯᠦᠭᠡᠢ
ᠳᠠᠷᠬᠠᠨ ᠭᠠᠵᠠᠷ
ᠠᠯᠤᠰ ᠤᠨ ᠠᠶᠠᠨ ᠤ ᠠᠵᠢᠨᠠᠢ ᠭᠦᠯᠦᠭ᠌
ᠠᠭᠳᠠ ᠦᠣᠷᠰᠡᠭ᠍ᠰᠡᠨ
ᠪᠠᠬᠠᠷᠤᠯ ᠬᠠᠢ᠌ᠷ᠎ᠠ ᠶᠢᠨ ᠮᠥᠩᠭᠡ ᠶᠢᠨ ᠳᠡᠭ᠍ᠷᠢ
ᠳᠤᠯᠠᠭᠠᠨ ᠥᠯᠦᠭᠡᠢ
ᠡᠨᠡ ᠪᠣᠯ ᠮᠢᠨᠤ ᠨᠢᠭᠡᠳᠦᠭᠡᠷ ᠳᠤᠮᠳᠠᠳᠤ ᠰᠤᠷᠭᠠᠭᠤᠯᠢ
ᠢᠷᠡᠭᠦ ᠮᠠᠷᠭᠠᠰᠢ ᠳ᠋ᠤ ᠲ᠋ᠡᠮᠡᠤᠯᠡᠭᠦ ᠭᠦᠰᠡᠯᠡᠩ ᠤᠨ ᠭᠠᠵᠠᠷ
ᠪᠣᠭᠳᠠ ᠠᠭᠤᠯᠠ ᠶᠢᠨ ᠰᠦᠷᠯᠢᠭ᠌ ᠪᠠᠷ᠎ᠠ ᠳᠠᠢ
ᠦᠨᠳᠦᠷ ᠶᠢᠡᠨ ᠮᠦᠷᠥᠢᠴᠡᠭ᠍ᠰᠡᠨ
ᠪᠣᠶᠠᠠᠳᠤ ᠳᠡᠭᠡᠳᠦᠰ ᠤᠨ ᠢᠷᠦᠭᠡᠯ ᠰᠢᠩᠭᠡᠭ᠍ᠰᠡᠨ
ᠠᠮᠤᠭᠤᠯᠠᠩ ᠭᠠᠵᠠᠷ
ᠳᠦᠷᠤ ᠶᠢᠨ ᠳᠤᠯᠭᠠᠭᠤᠷᠢ ᠲᠦᠮᠡᠨ ᠤ ᠳᠦᠰᠢᠭ᠌
ᠡ᠊ᠨᠳᠠ ᠡᠴᠠ ᠴᠤᠯᠭᠤᠷᠠᠭᠰᠠᠨ
ᠲᠦᠮᠡᠨ ᠠᠷᠠᠤᠨ ᠤᠨ ᠢᠳᠡᠭᠡᠯ ᠭᠦᠰᠡᠯ
ᠡ᠊ᠨᠳᠡ ᠳᠦᠪᠯᠡᠷᠡᠭ᠍ᠰᠡᠨ
ᠡᠨᠡ ᠪᠣᠯ ᠮᠢᠨᠤ ᠨᠢᠭᠡᠳᠦᠭᠡᠷ ᠳᠤᠮᠳᠠᠳᠤ ᠰᠤᠷᠭᠠᠭᠤᠯᠢ
ᠢᠷᠡᠭᠦ ᠮᠠᠷᠭᠠᠰᠢ ᠳᠤ ᠳᠡᠮᠡᠤᠯᠡᠭᠦ ᠭᠦᠰᠡᠯᠡᠩ ᠤᠨ ᠭᠠᠵᠠᠷ
ᠬᠠᠳᠤᠨ ᠭᠡᠷᠦᠯᠤᠨ ᠤ ᠨᠠᠮᠤᠭᠤᠬᠠᠨ ᠣᠷᠤᠰᠬᠠᠯ
ᠠᠢ᠌ᠵᠠᠮ ᠡᠷᠭᠦᠭ᠍ᠰᠡᠨ
ᠬᠠᠭᠠᠨ ᠴᠢᠩᠭᠢᠰ ᠤᠨ ᠮᠤᠩᠭ᠋ᠤᠯ ᠣᠳᠤᠮ
ᠡ᠊ᠨᠳᠡ ᠴᠤᠭᠯᠠᠷᠠᠭᠰᠠᠨ
ᠡᠷᠡᠨ ᠵᠠᠭᠤᠨ ᠤ ᠠᠶᠠᠯᠭᠤ ᠳ᠋ᠤ
ᠭᠦᠭ᠌ ᠨᠡᠮᠡᠷᠢᠯᠡᠭ᠍ᠰᠡᠨ
ᠡᠩᠭᠡ ᠮᠠᠠᠳᠤ ᠶᠢᠨ ᠠᠷᠢᠭᠤᠨ ᠰᠠᠴᠤᠯᠢ ᠪᠠᠷ
ᠣᠢ᠌ᠯᠠᠰ ᠶᠢᠡᠨ ᠮᠢᠯᠢᠶᠠᠭᠰᠠᠨ
ᠡᠨᠡ ᠪᠣᠯ ᠮᠢᠨᠤ ᠨᠢᠭᠡᠳᠦᠭᠡᠷ ᠳᠤᠮᠳᠠᠳᠤ ᠰᠤᠷᠭᠠᠭᠤᠯᠢ
ᠢᠷᠡᠭᠦ ᠮᠠᠷᠭᠠᠰᠢ ᠳᠤ ᠳᠡᠮᠡᠤᠯᠡᠭᠦ ᠭᠦᠰᠡᠯᠡᠩ ᠤᠨ ᠭᠠᠵᠠᠷ
2011.7
ᠵᠤᠬᠢᠶᠠᠭᠴᠢ ᠶᠢᠨ ᠬᠠᠶᠢᠭ ᠄ ᠭᠦᠯᠤᠨ ᠪᠣᠢ᠌ᠷ ᠬᠤᠳᠠ ᠶᠢᠨ ᠰᠢᠨ᠎ᠡ ᠪᠠᠷᠭᠤ ᠪᠠᠷᠠᠭᠤᠨ ᠬᠤᠰᠢᠭᠤᠨ ᠤ ᠨᠢᠭᠡᠳᠦᠭᠡᠷ ᠳᠤᠮᠳᠠᠳᠤ ᠰᠤᠷᠭᠠᠭᠤᠯᠢ
ᠵᠤᠬᠢᠶᠠᠭᠴᠢ᠄ ᠰᠢᠷᠡᠭᠦ᠋ᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 3301
ᠴᠠᠭ᠄ 2012 ᠤᠨ ᠤ 04 ᠰᠠᠷ᠎ᠠ ᠶᠢᠨ 09
ᠨᠠᠢ᠌ᠷᠠᠭᠤᠯᠤᠭᠴᠢ᠄ ᠪᠦᠬᠡᠡᠷᠳᠡᠨᠢ