ᠨᠡᠪᠲᠡᠷᠡᠨ ᠤᠷᠤᠬᠤ
ᠠᠮᠠᠷᠠᠭ ᠪᠣᠯᠵᠤᠭ᠎ᠠ

ᠰᠢᠳᠠᠮ᠎ᠠ ᠬᠠᠯᠠᠭᠤᠨ ᠰᠡᠳᠭᠢᠯ ᠳᠤ ᠪᠠᠨ ᠰᠥ᠋ ᠰᠢᠷᠭᠠᠭᠠᠵᠤ ᠳᠤᠷᠠᠰᠳᠠᠭ ᠶᠤᠮ

ᠰᠢᠵᠢᠷᠳᠡᠩᠭᠡᠨ ᠨᠠᠷᠠᠨ ᠤ ᠣᠶᠠᠬᠠᠨ ᠢᠯᠪᠢᠭᠡᠨ ᠳᠤ ᠣᠶᠠᠰᠤᠨ ᠣᠶᠠᠰᠤᠨ ᠰᠠᠨᠠᠳᠠᠭ ᠶᠤᠮ

ᠦᠣᠷ ᠰᠦᠨᠢ ᠶᠢᠨ ᠵᠠᠭᠠᠭ ᠶᠢᠠᠷ ᠡᠭᠦᠷ ᠲᠤ ᠪᠠᠨ ᠪᠣᠴᠠᠬᠤ ᠪᠣᠯᠵᠤᠮᠤᠷ ᠤᠨ ᠳᠤᠭᠠᠯᠠᠩ ᠵᠢᠠᠷ

ᠦᠷᠤ ᠵᠢᠷᠦᠭᠡᠨ ᠤ ᠥᠮᠴᠢᠷᠭᠡᠨ ᠪᠠᠢ᠌ᠷᠢ ᠳᠤ ᠪᠠᠨ ᠡᠭᠦᠷᠢᠳᠡ ᠬᠠᠳᠠᠭᠠᠯᠠᠳᠠᠭ ᠶᠤᠮ


ᠭᠦᠳᠦᠯ ᠳᠠᠯ᠎ᠠ ᠵᠤ᠋ ᠳᠠᠪᠠᠭ᠎ᠠ ᠶᠢᠨ ᠰᠠᠷᠠ ᠲᠡᠶ ᠨᠢᠭᠤᠴᠢᠵᠤ

ᠭᠦᠭ᠍ᠰᠡᠨ ᠭᠦᠭ᠍ᠰᠡᠨ ᠴᠤᠪᠣᠭᠤ ᠠᠮᠠᠷᠠᠭ ᠪᠣᠯᠵᠤᠳᠠᠭ ᠶᠤᠮ ᠡ

ᠰᠦᠨᠢ ᠳᠤ ᠣᠳᠤᠳ ᠠᠨᠢᠪᠴᠢᠨ ᠠᠨᠢᠪᠴᠢᠨ ᠠᠮᠠᠷᠠᠭ ᠬᠤᠤᠰ ᠢ ᠰᠢᠷᠳᠡᠭᠡᠳ

ᠰᠤᠷᠭᠤᠭ ᠴᠡᠴᠡᠭ᠌ ᠢ ᠰᠠᠮ ᠰᠠᠮ ᠨᠢᠭᠡ ᠪᠣᠳᠠ ᠬᠠᠶᠠᠯᠠᠳᠠᠭ ᠶᠤᠮ ᠡ


ᠠᠳᠠᠷ ᠳᠠᠯ᠎ᠠ ᠶᠢᠨ ᠮᠢᠷᠠᠯᠵᠠᠮ᠎ᠠ ᠴᠡᠴᠡᠭ᠌ ᠤᠨ ᠠᠩᠭᠢᠯᠤᠮ᠎ᠠ ᠦᠨᠦᠷ ᠳᠤ

ᠣᠭᠤᠨᠤ ᠰᠢᠷᠠᠭᠴᠢᠨ ᠨᠢᠭᠡᠨ ᠶᠢᠡᠨ ᠥᠭᠡᠢ᠌ᠯᠡᠳᠡᠭ᠌ ᠰᠢᠭ᠌ ᠪᠣᠯᠵᠤᠳᠠᠭ ᠶᠤᠮ

ᠣᠩᠭ᠋ᠤᠨ ᠳᠦᠷᠭᠦ ᠣᠶᠠᠷᠠᠭᠤᠨ ᠮᠢᠰᠢᠶᠠᠯ ᠢ ᠨᠢ ᠵᠢᠷᠦᠭᠡᠨ ᠳᠤ ᠪᠠᠨ ᠰᠢᠩᠭᠡᠭᠡᠵᠤ

ᠠᠮᠠᠷᠠᠭ ᠰᠡᠳᠭᠢᠯ ᠤᠨ ᠮᠥᠩᠭᠡ ᠶᠢᠨ ᠬᠠᠢ᠌ᠷ᠎ᠠ ᠪᠠᠷ ᠠᠰᠢᠳᠠ ᠪᠣᠯᠵᠤᠳᠠᠭ ᠶᠤᠮ ᠡ᠂᠂


ᠵᠤᠬᠢᠶᠠᠭᠴᠢ ᠶᠢᠨ ᠬᠠ‍‌ᠶᠢᠭ ᠄ ᠭᠢᠩᠭ᠋ᠠᠨ ᠤ ᠲᠦᠰᠢᠶᠠᠳᠤ

ᠵᠤᠬᠢᠶᠠᠭᠴᠢ᠄ ᠡᠰᠨᠢᠯ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 13285
ᠴᠠᠭ᠄ 2013 ᠤᠨ ᠤ 05 ᠰᠠᠷ᠎ᠠ ᠶᠢᠨ 23
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ