☆ ᠰᠢᠷᠡᠭᠦ᠋ᠤ
ᠶᠠᠭᠠᠨ ᠴᠡᠴᠡᠭ᠌ ᠤᠨ ᠳᠡᠯᠪᠠᠭᠡ
ᠠᠴᠢ ᠦᠬᠢᠨ ᠠᠢ᠌ᠵᠠᠮ ᠤᠨ ᠬᠤᠶᠠᠷ ᠨᠠᠰᠤᠨ ᠤ ᠣᠢ ᠳᠤ ᠵᠤᠷᠢᠭᠤᠯᠪᠠ᠃
ᠶᠠᠭᠠᠨ ᠴᠡᠴᠡᠭ᠌ ᠤᠨ ᠳᠡᠯᠪᠠᠭᠡ ᠰᠢᠭ᠌ ᠮᠢᠨᠤ ᠠᠴᠢ ᠦᠬᠢᠨ
ᠶᠠᠭᠠᠭᠢᠬᠤ ᠶᠢᠨ ᠠᠷᠭ᠎ᠠ ᠦᠭᠡᠶ ᠭᠦᠭᠡᠷᠦᠭᠦᠨ ᠶᠤᠮ ᠡ᠂ ᠭᠦᠭᠡᠷᠦᠭᠦᠨ ᠶᠤᠮ
ᠶᠦᠩᠰᠢᠶᠠᠪᠣ ᠭᠤᠯᠤᠮᠳᠠ ᠳᠤ ᠵᠠᠶᠠᠭᠠᠭᠰᠠᠨ ᠪᠣᠯᠬᠤᠷ
ᠶᠠᠷᠤ ᠪᠣᠰᠤ ᠶᠢᠨ ᠭᠦᠮᠤᠨ ᠭᠠᠷᠤᠨ᠎ᠠ ᠳ᠋ᠠ᠂ ᠬᠤᠵᠢᠮ
ᠳᠤᠷᠭᠠᠨ ᠵᠥᠭᠡᠯᠡᠨ ᠰᠡᠪᠠᠯᠭᠡ ᠲᠡᠶ ᠶᠤᠮ ᠡ
ᠳᠤᠭᠤᠯ ᠬᠠᠷ᠎ᠠ ᠨᠢᠳᠤ ᠲᠡᠶ ᠶᠤᠮ
ᠲ᠋ᠤᠠᠳᠤᠷ ᠲ᠋ᠤᠠᠳᠤᠷ ᠠᠯᠬᠤᠭᠠᠤᠨ ᠯᠠ
ᠲ᠋ᠤᠠᠳᠤᠭᠤᠯ ᠵᠢᠭᠠᠬᠠᠨ ᠪᠠᠶ᠎ᠠ ᠲᠡᠶ ᠶᠤᠮ ᠡ
ᠠᠯᠢᠶ᠎ᠠ ᠭᠡᠳᠡᠭ᠌ ᠨᠢ ᠠᠷᠭ᠎ᠠ ᠥᠭᠡᠢ
ᠠᠢ᠌ᠯ ᠤᠨ ᠭᠦᠪᠠᠭᠦᠤᠨ ᠡᠴᠠ ᠠᠬᠠᠳᠠᠨ᠎ᠠ
ᠴᠤᠪᠣᠭᠤ ᠭᠡᠳᠡᠭ᠌ ᠨᠢ ᠭᠤᠷᠢ ᠥᠭᠡᠢ
ᠴᠤᠮᠤᠷᠯᠢᠭ ᠰᠢᠭ ᠭᠠᠩᠬᠤᠨ ᠪᠦᠵᠢᠭᠯᠡᠴᠢᠭᠡᠨᠡ
ᠠᠪᠣ ᠨᠢ ᠭᠦᠭᠡᠷᠦᠭᠦᠢ ᠣᠷᠠᠯᠢᠭᠴᠢᠨ ᠪᠣᠯᠬᠤᠷ
《ᠠᠢ᠌ᠵᠠᠮ》 ᠨᠠᠷᠠ ᠬᠠᠢ᠌ᠷᠠᠯᠠᠭᠰᠠᠨ ᠶᠤᠮ
ᠡᠵᠢ ᠨᠢ ᠭᠦᠭᠡᠷᠦᠭᠦᠢ ᠪᠠᠭᠰᠢ ᠪᠣᠯᠬᠤᠷ
ᠡᠪ ᠲᠡᠶ ᠭᠦᠮᠤᠨ ᠪᠣᠯᠭᠠᠬᠤ ᠪᠠᠢ᠌ᠯᠭᠦᠢ
ᠳᠠᠩᠴᠤ ᠰᠠᠢ᠌ᠬᠠᠨ ᠡᠷᠡᠨ ᠳ᠋ᠤ
ᠭᠦᠮᠤᠨ ᠪᠣᠯᠤᠯ᠎ᠠ ᠳ᠋ᠠ ᠦᠬᠢᠨ ᠮᠢᠨᠢ
ᠪᠣᠶᠠᠨ ᠶᠢᠡᠨ ᠰᠠᠢ᠌ᠬᠠᠨ ᠡᠳ᠋ᠯᠡᠶ᠎ᠡ ᠭᠡᠪᠠᠯ
ᠣᠬᠠᠭᠠᠨ ᠲᠡᠶ ᠶᠠᠪᠣᠬᠤ ᠨᠢ ᠣᠯᠵᠠ
ᠭᠡᠨᠡᠨ ᠴᠠᠢ᠌ᠯᠭᠠᠨ ᠢᠨᠢᠶᠠᠳᠤ ᠴᠢᠨᠢ ᠵᠢᠷᠦᠭᠡᠨ ᠳᠤ ᠮᠢᠨᠢ ᠳᠡᠯᠭᠡᠷᠡᠨ᠎ᠡ
ᠭᠡᠷᠰᠡᠤ ᠳᠠᠷᠤᠤᠬᠠᠨ ᠮᠤᠩᠭ᠋ᠤᠯ ᠡᠭᠡ ᠪᠣᠯᠬᠤ ᠰᠤᠪᠢᠩ ᠳᠠᠳᠠᠨ᠎ᠠ
ᠪᠦᠰᠡᠭᠦᠢ ᠵᠠᠶᠠᠭᠠᠨ ᠤ ᠪᠠᠨ ᠳᠡᠭ᠍ᠷᠢ ᠳᠤ ᠰᠢᠳᠤᠵᠤ
ᠶᠢᠷᠳᠢᠠᠴᠤ ᠶᠢᠨ ᠵᠤᠯᠠᠢ ᠠᠷᠢᠭᠤᠯᠠᠵᠤ ᠶᠠᠪᠣᠭᠠᠷᠠᠢ ︕ ᠠᠴᠢ ᠮᠢᠨᠢ
ᠡᠪᠦᠭᠡ ᠴᠢᠨᠢ ᠭᠦᠭᠡᠷᠦᠭᠦᠢ ᠨᠢᠭᠡ ᠯᠠ ᠡᠳᠦᠷᠲ᠋ᠡᠯᠳᠡᠷᠡᠭᠡᠳ ᠦᠭᠭᠦᠨ᠎ᠡ ᠳ᠋ᠠ
ᠡᠷᠡᠯᠭᠡᠭ᠌ ᠮᠤᠩᠭ᠋ᠤᠯ ᠣᠳᠤᠮ ᠲᠡᠶ ᠭᠡᠳᠡᠭ᠌ ᠶᠢᠡᠨ ᠪᠣᠤ ᠯᠠ ᠮᠠᠷᠳᠠᠭᠠᠷᠠᠢ
ᠣᠯᠠᠨ ᠣᠯᠠᠨ ᠬᠡᠦᠬᠡᠳ ᠲᠡᠶ ᠢᠵᠢᠯᠢᠰᠢᠵᠤ ᠰᠠᠢ᠌ᠬᠠᠨ ᠶᠠᠪᠣᠭᠠᠷᠠᠢ
ᠣᠠᠴᠠᠭᠠᠢ᠌ᠷᠠᠵᠤ ᠡᠯᠳᠡᠪᠯᠡᠭᠦ ᠵᠠᠩ ᠢ ᠪᠣᠤ ᠯᠠ ᠰᠤᠷᠤᠭᠠᠷᠠᠢ ︕
ᠨᠤᠮ ᠲᠡᠶ ᠶᠠᠪᠣ᠂ ᠨᠤᠮᠤᠬᠠᠨ ᠢ ᠰᠤᠷ
ᠡᠷᠭᠡᠨ ᠳᠤ ᠪᠠᠨ ᠪᠣᠤ ᠰᠢᠳᠠ᠂ ᠡᠷᠳᠡᠮ ᠢ ᠢᠯᠡᠭᠦᠤ ᠰᠤᠷ
ᠥᠭᠡ ᠶᠢ ᠥᠭᠡ ᠪᠣᠯᠭᠠᠵᠤ ᠦᠨᠡᠨ ᠢ ᠦᠪ ᠪᠣᠯᠭ᠎ᠠ
ᠡᠪᠦᠭᠡ ᠶᠢᠨ ᠴᠢᠨᠢ ᠵᠠᠭᠢᠶ᠎ᠠ ᠡᠢ᠌ᠮᠤ ᠯᠠ ᠪᠠᠢ᠌ᠨ᠎ᠠ᠃
2012.3
ᠵᠤᠬᠢᠶᠠᠭᠴᠢ ᠶᠢᠨ ᠬᠠᠶᠢᠭ ᠄ ᠭᠦᠯᠤᠨ ᠪᠣᠢ᠌ᠷ ᠬᠤᠳᠠ ᠶᠢᠨ ᠰᠢᠨ᠎ᠡ ᠪᠠᠷᠭᠤ ᠪᠠᠷᠠᠭᠤᠨ ᠬᠤᠰᠢᠭᠤᠨ ᠤ ᠨᠢᠭᠡᠳᠦᠭᠡᠷ ᠳᠤᠮᠳᠠᠳᠤ ᠰᠤᠷᠭᠠᠭᠤᠯᠢ
ᠵᠤᠬᠢᠶᠠᠭᠴᠢ᠄ ᠰᠢᠷᠡᠭᠦ᠋ᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 10081
ᠴᠠᠭ᠄ 2012 ᠤᠨ ᠤ 04 ᠰᠠᠷ᠎ᠠ ᠶᠢᠨ 09
ᠨᠠᠢ᠌ᠷᠠᠭᠤᠯᠤᠭᠴᠢ᠄ ᠪᠦᠬᠡᠡᠷᠳᠡᠨᠢ