ᠨᠡᠪᠲᠡᠷᠡᠨ ᠤᠷᠤᠬᠤ
ᠬᠠᠪᠣᠳᠤ ᠬᠠᠰᠠᠷ ᠤᠨ ᠭᠦᠷᠦᠭ᠌ ᠤᠨ ᠡᠮᠤᠨ᠎ᠡ

ᠬᠠᠪᠣᠳᠤ ᠬᠠᠰᠠᠷ ᠤᠨ ᠭᠦᠷᠦᠭ᠌ ᠤᠨ ᠡᠮᠤᠨ᠎ᠡ ᠬᠠᠪᠣᠷ ᠤᠨ ᠦᠶ᠎ᠡ ᠪᠠᠷ ᠭᠦᠷᠦᠯ᠎ᠡ

ᠬᠤᠪᠢᠯᠭᠠᠨ ᠪᠠᠭᠠᠳᠤᠷ ᠤᠨ ᠭᠦᠷᠦᠭ᠌ ᠳᠦᠷᠢ ᠬᠠᠷᠠᠭᠠᠨ ᠳᠤᠳᠤᠷ᠎ᠠ ᠠᠮᠢᠯᠠᠯ᠎ᠠ

ᠡᠷᠳᠡᠨᠢᠨ ᠭᠦᠯᠦᠭ᠌ ᠤᠨ ᠳᠤᠭᠰᠢᠨ ᠬᠠᠷᠠᠢ᠌ᠯᠳᠠ ᠳ᠋ᠤ

ᠢᠳᠡᠷᠭᠦᠨ ᠰᠠᠠᠳᠠᠢ᠌ᠯᠠᠭᠰᠠᠨ ᠠᠪᠣᠷᠭᠤ ᠪᠠᠭᠠᠳᠤᠷ

ᠡᠷᠮᠡᠭᠦᠨ ᠴᠤᠭᠳᠤ ᠬᠤᠷ ᠰᠠᠭᠠᠳᠠᠭ ᠵᠢᠠᠨ

ᠡᠷᠴᠢᠯᠡᠨ ᠬᠠᠷᠪᠣᠭᠰᠠᠨ ᠮᠡᠷᠭᠡᠨ ᠨᠤᠮᠤᠴᠢᠨ

ᠲᠦᠰᠢᠶᠠᠳᠤ ᠮᠦᠽᠧᠢ ᠶᠢᠨ ᠭᠠᠢ᠌ᠬᠠᠮᠰᠢᠭᠳᠤ ᠦᠵᠡᠮᠤᠷᠢ

ᠳᠡᠦᠭᠡᠳᠤ ᠪᠠᠭᠠᠳᠤᠷ ᠤᠨ ᠣᠮᠤᠭᠯᠠᠩ ᠳᠦᠷᠭᠦ

ᠭᠦᠮᠤᠨ ᠠᠷᠠᠤᠨ ᠤᠨ ᠶᠢᠡᠨ ᠥᠮᠦᠭ᠌ ᠳᠦᠰᠢᠭ᠌ ᠶᠢᠡᠷ ᠪᠣᠰᠤᠭᠠᠵᠢᠨ᠎ᠠ

ᠭᠦᠭᠡ ᠮᠤᠩᠭ᠋ᠤᠯ ᠤᠨ ᠰᠤᠳᠤᠨ ᠰᠢᠳᠦᠭᠡᠨ ᠶᠢᠡᠷ ᠠᠮᠢᠯᠠᠨ᠎ᠠ


ᠭᠠᠩ ᠤᠨ ᠨᠤᠮᠤ ᠶᠢ ᠳᠤᠭᠤᠷᠢᠭᠯᠠᠨ ᠳᠠᠳᠠᠭᠰᠠᠨ ᠣᠮᠤᠭᠳᠤ ᠬᠠᠷᠪᠣᠭᠠᠴᠢ

ᠭᠠᠯ ᠤᠨ ᠰᠤᠮᠤ ᠶᠢ ᠵᠢᠭᠦᠷᠯᠡᠨ ᠣᠷᠭᠤᠭᠤᠯᠤᠭᠰᠠᠨ ᠬᠤᠪᠢᠯᠭᠠᠨ ᠰᠤᠷᠴᠢᠨ

ᠢᠳᠠᠷ ᠵᠢᠪᠬᠤᠭ᠎ᠠ ᠶᠢ ᠭᠠᠢ᠌ᠬᠠᠭᠤᠯᠤᠨ ᠡᠭᠦᠯᠡᠨ᠎ᠡ ᠴᠡᠷᠪᠠᠭ᠍ᠰᠡᠨ ᠳᠤᠭᠰᠢᠨ ᠬᠠᠷᠴᠠᠭᠠᠢ

ᠡᠷᠡᠨ ᠰᠤᠶᠤᠯ ᠢ ᠳᠤᠭᠤᠷᠪᠢᠨ ᠳᠡᠦᠭᠡᠨ᠎ᠡ ᠮᠥᠩᠭᠡᠷᠡᠭ᠍ᠰᠡᠨ ᠡᠪᠦᠭᠡ ᠬᠠᠰᠠᠷ

ᠰᠠᠠᠰᠠᠷ ᠲᠤ ᠳᠡᠭᠦᠯᠢᠭᠦ ᠬᠤᠪᠢᠯᠭᠠᠨ ᠭᠦᠯᠦᠭ᠌ ᠡᠰᠡᠷᠸ᠎ᠡ ᠰᠤᠮᠤᠳᠠᠨ ᠵᠢᠭᠦᠷᠯᠡᠭᠦᠶ᠎ᠡ

ᠰᠠᠭᠢᠭᠤᠯᠰᠤᠨ ᠡᠪᠦᠭᠡ ᠬᠠᠪᠣᠳᠤ ᠶᠢᠨ ᠭᠦᠷᠦᠭ᠌ ᠦᠷ ᠤᠨ ᠨᠠᠷᠠᠨ ᠳᠤ ᠭᠢᠯᠠᠯᠵᠠᠨ᠎ᠠ


ᠲ᠋ᠠᠰᠪᠣᠷᠢ ᠵᠤᠷᠢᠭ ᠢ ᠡᠮᠡᠭᠡᠯ ᠤᠨ ᠪᠦᠭᠦᠷᠭᠡ ᠡᠴᠠ ᠰᠢᠭᠦᠷᠦᠭ᠍ᠰᠡᠨ

ᠳᠡᠩᠭᠡᠭᠡ ᠴᠢᠳᠠᠯ ᠢ ᠮᠤᠷᠢᠨ ᠨᠢᠷᠤᠭᠤᠨ ᠳᠤ ᠰᠢᠯᠭᠠᠭᠰᠠᠨ

ᠡᠷᠭᠦᠨ᠎ᠡ ᠳᠤᠮᠤᠭ ᠵᠠᠵᠢᠯᠤᠨ ᠰᠥᠭᠦᠷᠦᠭ᠍ᠰᠡᠨ

ᠡᠵᠡᠨ ᠣᠮᠤᠭ ᠰᠡᠷᠭᠦᠭᠡᠨ ᠠᠮᠢᠯᠠᠭᠰᠠᠨ

ᠬᠤᠷᠴᠢᠨ ᠮᠤᠩᠭ᠋ᠤᠯ ᠤᠨ ᠡᠪᠦᠭᠡ ᠰᠢᠳᠦᠭᠡᠨ

ᠬᠤᠷᠢᠳᠤᠭᠠᠷ ᠵᠠᠭᠤᠨ ᠤ ᠠᠮᠢᠳᠤ ᠳᠡᠦᠭᠡ

ᠪᠣᠰᠤᠭ᠎ᠠ ᠣᠪᠣᠭ ᠤᠨ ᠠᠯᠳᠠᠨ ᠰᠠᠴᠤᠯᠢ

ᠪᠣᠷᠵᠢᠭᠢᠨ ᠮᠤᠩᠭ᠋ᠤᠯ ᠤᠨ ᠠᠮᠢᠳᠤ ᠪᠣᠷᠬᠠᠨ

    ᠨᠠᠷᠠᠨ ᠭᠡᠭᠡ ᠶᠢ ᠣᠷᠢᠭᠰᠠᠨ ᠪᠣᠷᠬᠠᠨ ᠭᠦᠷᠦᠭ᠌

    ᠨᠠᠮᠢᠷᠠᠭᠰᠠᠨ ᠳᠤᠭ ᠢ ᠮᠠᠠᠳᠤᠭᠤᠯᠤᠭᠴᠢ ᠠᠮᠢᠳᠤ ᠵᠢᠷᠤᠭ

    ᠬᠤᠯᠠ ᠳ᠋ᠤ ᠲ᠋ᠠᠮᠠᠤᠯᠠ ᠭᠡᠭᠦ ᠠᠠᠳᠠᠭᠠᠢ ᠰᠡᠭᠦᠳᠡᠷ

    ᠬᠤᠷᠴᠢᠨ ᠢ ᠮᠥᠩᠭᠡᠵᠢᠭᠦᠯ ᠭᠡᠰᠡᠨ ᠬᠤᠪᠢᠯᠭᠠᠨ ᠰᠤᠳᠤᠷ

    ᠡᠩᠭᠡ ᠲᠦᠪᠰᠢᠨ ᠤ ᠳᠠᠭᠤᠤ ᠡᠮᠭᠢᠳᠭᠡᠯ ᠤᠨ ᠳᠤᠪᠭᠢᠮᠠᠯ

    ᠡᠷᠡᠯᠭᠡᠭ᠌ ᠦᠨᠳᠦᠰᠦᠳᠠᠨ ᠤ ᠵᠤᠷᠢᠭ ᠳᠠᠩᠭ᠋ᠠᠷᠢᠭ ᠤᠨ ᠳᠤᠩᠬᠠᠭ

    ᠨᠤᠳᠤᠭ ᠨᠤᠭᠤᠭᠠᠨ ᠦᠴᠢᠯ ᠤᠨ ᠭᠦᠰᠡᠯ ᠭᠦᠪᠦᠷᠡᠭᠦᠯᠦᠭ᠍ᠰᠡᠨ ᠢᠳᠡᠭᠡᠯ

    ᠨᠠᠠᠳᠢᠨ ᠰᠠᠢ᠌ᠬᠠᠨ ᠰᠤᠷᠳᠠᠯ ᠤᠨ ᠦᠨᠢ ᠮᠥᠩᠭᠡ ᠶᠢᠨ ᠨᠡᠷᠡᠨ


    ᠡᠭᠦᠯᠡᠨ ᠱᠠᠳᠤᠨ᠎ᠠ ᠣᠮᠤᠭᠯᠠᠩ ᠵᠠᠯᠠᠷᠠᠭᠰᠠᠨ

    ᠦᠷᠤᠨ᠎ᠠ ᠳᠤᠷᠤᠨ᠎ᠠ ᠶᠢ ᠭᠡᠭᠡᠨ ᠨᠢᠳᠤ ᠪᠠᠷ ᠠᠵᠢᠭᠰᠠᠨ

    ᠮᠤᠩᠭ᠋ᠤᠯ ᠭᠡᠭᠦ ᠨᠢᠭᠡ ᠯᠠ ᠨᠠᠷ᠎ᠠ ᠶᠢᠨ ᠲᠦᠯᠦᠭᠡ

    ᠮᠤᠩᠭ᠋ᠤᠯ ᠭᠡᠭᠦ ᠨᠡᠭᠡᠢ ᠠᠯᠳᠠᠷ ᠤᠨ ᠲᠦᠯᠦᠭᠡ

    ᠡᠪᠦᠭᠡ ᠬᠠᠰᠠᠷ ᠤᠨ ᠭᠦᠷᠦᠭ᠌

    ᠥᠩᠭᠡ ᠲᠡᠶ ᠵᠢᠪᠬᠤᠭ᠎ᠠ ᠲᠡᠶ ᠭᠢᠯᠠᠯᠵᠠᠨ᠎ᠠ

    ᠡᠷᠡᠨ ᠴᠠᠭ ᠤᠨ ᠣᠷᠠᠢ ᠪᠣᠯᠵᠤ

    ᠠᠮᠢ ᠴᠢᠰᠤ ᠲᠡᠶ ᠵᠤᠭᠰᠤᠨ᠎ᠠ ᠁   

          


ᠵᠤᠬᠢᠶᠠᠭᠴᠢ ᠶᠢᠨ ᠬᠠ‍‌ᠶᠢᠭ ᠄ ᠭᠢᠩᠭ᠋ᠠᠨ ᠤ ᠲᠦᠰᠢᠶᠠᠳᠤ

ᠵᠤᠬᠢᠶᠠᠭᠴᠢ᠄ ᠰᠠᠷᠠᠭᠤᠯ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2634
ᠴᠠᠭ᠄ 2012 ᠤᠨ ᠤ 01 ᠰᠠᠷ᠎ᠠ ᠶᠢᠨ 03
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ