☆ ᠡᠷᠳᠡᠨᠢᠪᠠᠭᠠᠨ᠎ᠠ
ᠳᠡᠷᠭᠡᠯ
(ᠬᠡᠦᠬᠡᠳ ᠤᠨ ᠰᠢᠯᠦᠭ᠌)
ᠭᠦᠭᠡ ᠳᠡᠭ᠍ᠷᠢ ᠶᠢᠨ ᠨᠠᠷᠠᠨ ᠤ ᠴᠢᠷᠠᠢ ᠨᠢ ᠳᠡᠷᠭᠡᠯ
ᠭᠦᠳᠡᠭᠡ ᠳᠠᠯ᠎ᠠ ᠶᠢᠨ ᠮᠢᠨᠢ ᠠᠳᠤᠭᠤᠨ ᠤ ᠮᠠᠯᠮᠠᠢ ᠨᠢ ᠳᠡᠷᠭᠡᠯ
ᠭᠦᠭᠡᠷᠭᠦ ᠢᠰᠢᠭᠡ ᠶᠢᠨ ᠮᠢᠨᠢ ᠮᠠᠢ᠌ᠯᠠᠭᠠᠨ ᠨᠢ ᠳᠡᠷᠭᠡᠯ
ᠦᠳᠡᠰᠢ ᠶᠢᠨ ᠰᠠᠷᠠᠨ ᠤ ᠭᠦᠰᠡᠯ ᠨᠢ ᠳᠡᠷᠭᠡᠯ
ᠦᠷᠳᠡᠯᠵᠡᠭᠦ ᠣᠳᠤᠨ ᠤ ᠭᠡᠷᠡᠯ ᠨᠢ ᠳᠡᠷᠭᠡᠯ
ᠦᠷᠦᠪᠴᠢ ᠡᠵᠢ ᠶᠢᠨ ᠮᠦᠰᠢᠶᠠᠯ ᠨᠢ ᠳᠡᠷᠭᠡᠯ
ᠳᠤᠭᠤᠷᠭᠠᠳᠤ ᠭᠡᠷ ᠤᠨ ᠮᠢᠨᠢ ᠳᠤᠭᠤᠨᠤ ᠨᠢ ᠳᠡᠷᠭᠡᠯ
ᠨᠤᠳᠤᠭ ᠤᠨ ᠣᠰᠤᠨ ᠤ ᠮᠨᠢ ᠳᠤᠰᠤᠯ ᠨᠢ ᠳᠡᠷᠭᠡᠯ
ᠳᠤᠯᠭ᠎ᠠ ᠶᠢᠨ ᠭᠠᠯ ᠤᠨ ᠮᠢᠨᠢ ᠰᠤᠷ ᠨᠢ ᠳᠡᠷᠭᠡᠯ
ᠥᠭᠡᠷ ᠤᠨ ᠮᠦᠷ ᠤᠨ ᠣᠷᠤᠮ ᠨᠢ ᠳᠡᠷᠭᠡᠯ
ᠦᠨᠳᠦᠷ ᠠᠭᠤᠯᠠᠨ ᠤ ᠪᠠᠷ᠎ᠠ ᠨᠢ ᠳᠡᠷᠭᠡᠯ
ᠦᠰᠦᠭ᠌ ᠪᠢᠴᠢᠭ᠌ ᠤᠨ ᠰᠢᠮ᠎ᠠ ᠨᠢ ᠳᠡᠷᠭᠡᠯ
ᠳᠡᠯᠡᠭᠡᠢ ᠡᠵᠢ ᠶᠢᠨ ᠪᠠᠶ᠎ᠠ ᠨᠢ ᠳᠡᠷᠭᠡᠯ
ᠳᠡᠭ᠍ᠳᠡᠭᠡᠭᠡᠢ ᠶᠢᠨ ᠵᠢᠷᠭᠢᠶᠠᠨ ᠨᠢ ᠳᠡᠷᠭᠡᠯ
ᠳᠠᠪᠠᠯ ᠤᠨ ᠮᠢᠨᠢ ᠳᠤᠪᠴᠢ ᠨᠢ ᠳᠡᠷᠭᠡᠯ
ᠳᠡᠷᠭᠡᠨ ᠭᠦᠷᠳᠤᠨ ᠤ ᠠᠯᠤᠬ᠎ᠠ ᠮᠥᠭᠡᠷ ᠨᠢ ᠳᠡᠷᠭᠡᠯ
ᠣᠷᠭ᠎ᠠ ᠶᠢᠨ ᠰᠤᠷ ᠤᠨ ᠨᠠᠭᠢᠯᠵᠠᠭᠠᠨ ᠨᠢ ᠳᠡᠷᠭᠡᠯ
ᠣᠠᠳᠤᠷᠬᠤ ᠪᠣᠯᠠᠭ ᠤᠨ ᠭᠤᠷᠴᠢᠭᠢᠨᠠᠭᠠᠨ ᠨᠢ ᠳᠡᠷᠭᠡᠯ
ᠰᠠᠢ᠌ᠷᠭᠠᠯ ᠳᠠᠩ ᠤᠨ ᠴᠢᠯᠠᠭᠤ ᠨᠢ ᠳᠡᠷᠭᠡᠯ
ᠰᠠᠪᠰᠠᠬᠤ ᠴᠠᠰᠤᠨ ᠤ ᠳᠠᠯᠪᠢ ᠨᠢ ᠳᠡᠷᠭᠡᠯ
ᠰᠠᠩᠬᠤᠯᠠᠬᠤ ᠴᠡᠴᠡᠭ᠌ ᠤᠨ ᠭᠡᠯᠳᠡᠰ ᠨᠢ ᠳᠡᠷᠭᠡᠯ
ᠪᠣᠮᠪᠣᠭᠤᠷ ᠴᠢᠷᠠᠢ᠌ᠳᠤ ᠬᠡᠦᠬᠡᠳ ᠤᠨ ᠬᠠᠴᠠᠷ ᠨᠢ ᠳᠡᠷᠭᠡᠯ
ᠪᠣᠷᠭᠠᠰᠤᠨ ᠮᠤᠳᠤᠨ ᠤ ᠡᠰᠢ ᠦᠨᠳᠦᠰᠦ ᠨᠢ ᠳᠡᠷᠭᠡᠯ
ᠪᠣᠮᠪᠣᠷ ᠪᠣᠮᠪᠣᠷ ᠶᠠᠪᠣᠬᠤ ᠴᠠᠭ ᠤᠨ ᠡᠷᠭᠢᠯᠳᠡ ᠨᠢ ᠳᠡᠷᠭᠡᠯ
ᠳᠡᠷᠭᠡᠯ ᠭᠡᠵᠤ ᠰᠠᠢ᠌ᠬᠠᠨ ᠤ ᠳᠡᠭᠡᠳᠤ ᠨᠢ ᠪᠢᠯᠠ
ᠳᠡᠷᠭᠡᠯ ᠭᠡᠵᠤ ᠦᠨᠡᠨ ᠤ ᠰᠠᠢ᠌ᠨ ᠨᠢ ᠪᠢᠯᠠ
ᠳᠡᠷᠭᠡᠯ ᠭᠡᠵᠤ ᠥᠡᠳᠦᠷᠯᠢᠭ᠌ ᠤᠨ ᠰᠠᠯᠭᠢᠨ ᠪᠢᠯᠠ ᠁
ᠵᠤᠬᠢᠶᠠᠭᠴᠢ ᠶᠢᠨ ᠬᠠᠶᠢᠭ ᠄ ᠭᠢᠩᠭ᠋ᠠᠨ ᠠᠢ᠌ᠮᠠᠭ ᠤᠨ ᠲ᠋ᠤᠮᠳᠠᠳᠤ ᠬᠤᠰᠢᠭᠤᠨ ᠤ ᠵᠡᠭᠦᠨ ᠳᠠᠪᠢᠨ ᠭᠤᠤᠯ ᠪᠠᠭ᠎ᠠ ᠰᠤᠷᠭᠠᠭᠤᠯᠢ
ᠵᠤᠬᠢᠶᠠᠭᠴᠢ᠄ ᠡᠷᠳᠡᠨᠢᠪᠠᠭᠠᠨ᠎ᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠤᠷᠤᠭᠴᠢ ᠶᠢᠨ ᠳᠠᠪᠴᠠᠩᠳᠠᠷᠤᠮ᠄ 11683
ᠴᠠᠭ᠄ 2014 ᠤᠨ ᠤ 04 ᠰᠠᠷ᠎ᠠ ᠶᠢᠨ 30
ᠨᠠᠢ᠌ᠷᠠᠭᠤᠯᠤᠭᠴᠢ᠄ ᠪᠦᠬᠡᠡᠷᠳᠡᠨᠢ