☆ ᠯ·ᠪᠠᠶᠠᠠᠵᠢᠷᠭᠠᠯ
ᠽᠠᠮᠪᠣᠯᠢᠩ ᠤᠨ ᠵᠡᠭᠦᠳᠤᠨ
ᠰᠠᠢ᠌ᠬᠠᠨ ᠵᠡᠭᠦᠳᠤᠨ ᠤ ᠨᠣᠢ᠌ᠷ ᠶᠢᠡᠨ ᠬᠠᠷᠠᠮᠨᠠᠵᠤ
ᠰᠠᠷᠠᠨ ᠤ ᠳᠤᠶᠠᠭ᠎ᠠ ᠬᠤᠷᠸ᠎ᠠ ᠶᠢ ᠵᠢᠪᠪᠦᠭᠦᠯᠵᠡᠢ
ᠰᠠᠠᠴᠢᠭ ᠪᠣᠭᠤᠷᠤᠯ ᠦᠬᠢᠨ ᠬᠠᠢ᠌ᠷ᠎ᠠ
ᠰᠡᠳᠭᠢᠯ ᠤᠨ ᠶᠢᠡᠨ ᠭᠦᠨ ᠵᠥᠭ᠌ ᠳᠤᠨᠤᠩᠬᠠᠨ ᠵᠢᠪᠪᠣᠵᠠᠢ
ᠰᠡᠳᠡᠷᠭᠡᠢ ᠵᠡᠭᠦᠤ ᠶᠢ ᠰᠦᠪᠯᠠᠨ ᠰᠦᠪᠯᠠᠨ
ᠰᠠᠷᠪᠠᠢ᠌ᠭᠰᠠᠨ ᠪᠦᠭᠦᠨ ᠶᠢᠡᠨ ᠰᠢᠪᠠᠨ ᠰᠢᠪᠠᠨ ᠣᠶᠤᠵᠠᠢ
ᠰᠥᠵᠡᠷᠡᠭ᠍ᠰᠡᠨ ᠰᠢᠭᠦᠳᠡᠷᠢ ᠮᠢᠩᠭ᠋ᠠᠨ ᠭᠠᠵᠠᠷ ᠪᠦᠮᠪᠦᠷᠢᠨ᠎ᠡ ᠭᠡᠮᠡᠨ
ᠰᠠᠳᠠᠷᠠᠭᠰᠠᠨ ᠭᠡᠵᠢᠭᠡ ᠳᠠᠷᠠ ᠶᠢ ᠪᠦᠷᠭᠦᠵᠡᠢ
ᠰᠠᠭᠤᠯᠭ᠎ᠠ ᠲᠡᠶ ᠣᠰᠤᠨ ᠮᠠᠳᠤ ᠠᠭᠠᠰᠢᠨ ᠭᠡᠮᠡᠨ
ᠭᠤᠪᠠᠢ ᠪᠠᠶ᠎ᠠ ᠣᠷᠤᠰᠤᠨ ᠴᠢᠯᠠᠭᠤᠵᠢᠵᠠᠢ
ᠵᠤᠯ ᠵᠢᠷᠭᠠᠯ ᠡᠴᠠ ᠬᠤᠯᠠ ᠡᠴᠢᠨ᠎ᠡ ᠳᠤᠯᠠ
ᠽᠠᠮᠪᠣᠯᠢᠩ ᠢ 《ᠽᠠᠮᠪᠣᠯᠢᠩ ᠡ︕》 ᠭᠡᠮᠡᠵᠡᠢ
ᠵᠤᠪᠠᠯᠠᠩ ᠪᠦᠭᠦᠨ ᠡᠴᠠ ᠬᠤᠯᠠ ᠭᠦᠨ ᠳᠤᠯᠠ
ᠽᠠᠮᠪᠣᠯᠢᠩ ᠢ 《ᠽᠠᠮᠪᠣᠯᠢᠩ ᠡ︕》 ᠭᠡᠮᠡᠵᠡᠢ
ᠵᠤᠬᠢᠶᠠᠭᠴᠢ ᠶᠢᠨ ᠬᠠᠶᠢᠭ ᠄ ᠠᠷᠤ ᠬᠤᠷᠴᠢᠨ ᠬᠤᠰᠢᠭᠤᠨ ᠤ ᠠᠷᠠᠤᠨ ᠤᠨ ᠶᠠᠪᠣᠳᠠᠯ ᠤᠨ ᠳᠤᠪᠴᠢᠶ᠎ᠠ
ᠵᠤᠬᠢᠶᠠᠭᠴᠢ᠄ ᠯ·ᠪᠠᠶᠠᠠᠵᠢᠷᠭᠠᠯ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 6029
ᠴᠠᠭ᠄ 2011 ᠤᠨ ᠤ 03 ᠰᠠᠷ᠎ᠠ ᠶᠢᠨ 06
ᠨᠠᠢ᠌ᠷᠠᠭᠤᠯᠤᠭᠴᠢ᠄ ᠪᠦᠬᠡᠡᠷᠳᠡᠨᠢ