ᠨᠡᠪᠲᠡᠷᠡᠨ ᠤᠷᠤᠬᠤ
ᠴᠠᠰᠤ

ᠬᠠᠰᠢᠶᠠᠨ ᠳᠤ ᠳᠡᠭ᠍ᠷᠢ ᠳᠤᠤᠭᠠᠷᠬᠤ ᠰᠢᠭ ᠴᠢᠮᠡᠭᠡ ᠭᠠᠷᠤᠨ᠎ᠠ

ᠳᠠᠷᠭᠤᠨ ᠬᠤᠨᠢᠳ ᠮᠢᠨᠢ ᠪᠠᠶ᠎ᠠ ᠪᠠᠨ ᠰᠡᠭ᠍ᠰᠦᠷᠴᠤ ᠪᠠᠢ᠌ᠨ᠎ᠠ

ᠭᠦᠷᠢᠶᠡᠨ ᠳ᠋ᠤ ᠭᠦᠭᠦᠭᠡ ᠡᠪᠦᠯ ᠤᠨ ᠳᠠᠭᠤᠤ ᠭᠠᠷᠤᠨ᠎ᠠ

ᠭᠤᠳᠤᠯ᠂ ᠳᠡᠯᠡᠭᠡᠢ ᠬᠤᠶᠠᠷ ᠬᠠᠮᠵᠢᠵᠤ ᠳᠠᠭᠤᠯᠠᠵᠤ ᠪᠠᠢ᠌ᠨ᠎ᠠ


ᠰᠦ᠋ ᠲᠡᠶ ᠴᠠᠢ ᠶᠢᠨ ᠠᠭᠤᠷ ᠴᠤᠩᠬᠤᠨ ᠳᠤ ᠴᠠᠩᠳᠤᠨ᠎ᠠ

ᠭᠦᠭᠡᠷᠦᠭᠦᠨ ᠴᠠᠭᠠᠨ ᠬᠤᠷᠤᠭᠤ ᠪᠠᠷ ᠶᠢᠡᠨ ᠳᠠᠷᠠ ᠴᠠᠩ ᠢ ᠭᠡᠰᠭᠡᠵᠤ

ᠴᠠᠰᠤ ᠣᠷᠤᠭᠰᠠᠨ ᠦᠦ ︖ ᠠᠪᠣ ᠡ ᠭᠡᠵᠤ ᠭᠦᠤ ᠮᠢᠨᠢ

ᠵᠢᠵᠢᠭ᠍‍ᠬᠡᠨ ᠨᠥᠭᠡ ᠪᠠᠷ ᠭᠠᠳᠠᠭᠰᠢ ᠪᠠᠨ ᠱᠠᠭᠠᠢ᠌ᠨ᠎ᠠ

ᠶᠠᠮᠠᠷ ᠭᠦᠨ ᠣᠷᠭᠤᠮᠠᠯ ᠣᠷᠭᠤᠭ᠎ᠠ ᠪᠣᠢ ᠭᠡᠵᠤ

ᠴᠤᠩᠬᠤᠨ ᠴᠠᠩ ᠢ ᠡᠵᠢ ᠮᠢᠨᠢ ᠰᠤᠨᠢᠷᠬᠠᠨ᠎ᠠ

ᠡᠨᠡ ᠵᠢᠯ ᠴᠤ ᠦᠩ ᠥᠭᠡᠳᠡ ᠪᠣᠯᠬᠤ ᠪᠣᠢ ᠭᠡᠵᠤ

ᠠᠭᠤᠯᠠ ᠰᠢᠭ ᠪᠣᠷᠳᠤᠭ᠎ᠠ ᠶᠢ ᠠᠪᠣ ᠮᠢᠨᠢ ᠬᠠᠷᠠᠨ᠎ᠠ

ᠪᠣᠯᠵᠤᠮᠤᠷ᠂ ᠱᠥᠭᠦᠷᠳᠡᠭ᠍ᠰᠡᠨ ᠬᠠᠷ᠎ᠠ ᠭᠠᠵᠠᠷ ᠡᠴᠡ ᠢᠳᠠᠰᠢ ᠳᠡᠭᠦᠵᠤ

ᠬᠠᠶᠠ ᠦᠷᠭᠦᠵᠤ ᠬᠠᠰᠢᠶᠠᠨ ᠤ ᠦᠨᠳᠦᠷ ᠲᠤ ᠨᠢᠰᠤᠨ ᠭᠠᠷᠤᠨ᠎ᠠ

ᠨᠢᠳᠤᠨ ᠪᠠᠷ᠎ᠠ ᠠᠭᠤᠯᠠᠰ ᠤᠨ ᠭᠢᠷ᠎ᠠ ᠭᠢᠯᠠᠯᠵᠠᠵᠤ

ᠳᠦᠭᠦᠷᠢᠭ᠌ ᠣᠯᠠᠭᠠᠨ ᠨᠠᠷᠠ ᠮᠠᠠᠳᠤ ᠠᠰᠠᠭᠤᠨ ᠮᠠᠠᠳᠤᠨ᠎ᠠ᠁



ᠵᠤᠬᠢᠶᠠᠭᠴᠢ ᠶᠢᠨ ᠬᠠ‍‌ᠶᠢᠭ ᠄ ᠪᠠᠭᠠᠷᠢᠨ ᠤ ᠪᠠᠢ᠌ᠰᠢᠩᠳᠤ

ᠵᠤᠬᠢᠶᠠᠭᠴᠢ᠄ ᠳ᠋·ᠪᠦᠷᠢᠨ‍ᠲᠤᠭᠲᠠᠬᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2636
ᠴᠠᠭ᠄ 2011 ᠤᠨ ᠤ 03 ᠰᠠᠷ᠎ᠠ ᠶᠢᠨ 04
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ