☆ ᠬᠠᠩᠭ᠋ᠠᠢ
ᠬᠠᠪᠣᠷ ᠤᠨ ᠴᠠᠰᠤ
ᠬᠠᠢ᠌ᠯ ᠤᠨ ᠣᠰᠤ ᠲᠡᠶ ᠬᠠᠪᠣᠷ ᠤᠨ ᠴᠠᠰᠤ
ᠬᠠᠨ ᠳᠡᠯᠡᠭᠡᠢ ᠶᠢ ᠣᠶᠠᠰᠬᠠᠨᠠ
ᠬᠠᠢ᠌ᠷ᠎ᠠ ᠶᠢᠨ ᠨᠤᠲ᠋ ᠲᠡᠶ ᠰᠡᠭᠦᠯᠴᠢ ᠶᠢᠨ ᠴᠠᠰᠤ
ᠬᠠᠨᠠᠭᠠᠷ ᠴᠡᠭᠡᠵᠢ ᠶᠢ ᠠᠭᠤᠵᠢᠷᠠᠭᠤᠯᠤᠨ᠎ᠠ
ᠠᠶᠠᠷ ᠠᠶᠠᠷ ᠯᠠᠪᠰᠠᠭᠰᠠᠨ ᠠᠷᠢᠭᠤᠨ ᠴᠠᠭᠠᠨ ᠯᠠᠪᠠᠢ
ᠠᠶ᠎ᠠ ᠡᠭᠡᠰᠢᠭ᠌ ᠨᠠᠢ᠌ᠷᠠᠭᠰᠠᠨ ᠮᠥᠩᠭᠦᠨ ᠴᠠᠭᠠᠨ ᠳᠠᠭᠢᠨᠢ
ᠢᠨᠠᠭ ᠤᠨ ᠮᠦᠰᠢᠶᠠᠳᠤ ᠨᠢᠭᠤᠭᠰᠠᠨ ᠳᠤᠭᠤᠷ ᠤᠨ ᠶᠠᠭᠠᠨ ᠴᠡᠴᠡᠭ᠌
ᠠᠷᠰᠢ ᠶᠢᠨ ᠦᠨᠦᠷ ᠠᠩᠭᠢᠯᠤᠭᠰᠠᠨ ᠡᠷᠳᠡᠨᠢᠨ ᠴᠠᠭᠠᠨ ᠳᠠᠯᠪᠢ
ᠤᠶᠠᠩᠭ᠎ᠠ ᠶᠢᠨ ᠪᠣᠯᠵᠤᠭᠠᠳᠤ ᠪᠠᠯᠭᠡᠳᠤ ᠰᠡᠢ᠌ᠬᠠᠨ ᠴᠠᠰᠤ
ᠤᠳᠬ᠎ᠠ ᠶᠢᠨ ᠢᠷᠠᠭᠤ ᠬᠤᠩᠭ᠋ᠤᠷ ᠭᠤᠶᠤ ᠴᠠᠰᠤ
ᠣᠬᠠᠭᠠᠨ ᠤ ᠮᠠᠯᠮᠠᠢ ᠠᠮᠠᠷᠠᠭ ᠴᠠᠭᠠᠨ ᠴᠠᠰᠤ
ᠣᠳᠤᠳ ᠤᠨ ᠠᠨᠢᠪᠴᠢᠭᠠ ᠰᠢᠭᠢᠷ ᠭᠦᠯᠭᠦᠮᠡ ᠴᠠᠰᠤ
ᠠᠰᠠᠷ ᠳᠠᠭᠳᠤ ᠶᠢ ᠴᠠᠭᠠᠨ ᠶᠢᠡᠷ ᠪᠣᠯᠬᠠᠭᠰᠠᠨ ᠡᠩᠭᠦᠷᠡᠢ ᠴᠠᠰᠤ
ᠠᠯᠳᠠᠨ ᠨᠠᠮᠤᠷ ᠢ ᠬᠤᠷᠢᠶᠠᠯᠳᠠ ᠪᠠᠷ ᠬᠤᠷᠣᠢ᠌ᠯᠠᠭᠰᠠᠨ ᠪᠣᠷᠠᠮ ᠴᠠᠰᠤ
ᠬᠡᠦᠬᠡᠳ ᠤᠨ ᠵᠢᠪᠬᠤᠭ᠎ᠠ ᠶᠢ ᠭᠦᠰᠡᠯ ᠶᠢᠡᠷ ᠳᠡᠭ᠍ᠵᠢᠭᠡᠭ᠍ᠰᠡᠨ ᠪᠠᠯ ᠴᠠᠰᠤ
ᠭᠡᠦᠭᠡᠨ ᠤ ᠰᠡᠳᠭᠢᠯ ᠢ ᠦᠨᠦᠰᠤᠯ ᠶᠢᠡᠷ ᠪᠦᠪᠠᠢ᠌ᠯᠡᠭ᠍ᠰᠡᠨ ᠰᠠᠷᠭᠠᠢ ᠴᠠᠰᠤ
ᠰᠠᠮᠠᠷᠠᠨ ᠰᠠᠮᠠᠷᠠᠨ ᠬᠠᠶᠠᠯᠠᠭᠰᠠᠨ ᠰᠠᠮᠪᠠᠢ ᠬᠠᠳᠠᠭ ᠤᠨ ᠰᠠᠵᠢᠯᠠᠭ᠎ᠠ
ᠰᠡᠮᠭᠡᠨ ᠰᠡᠮᠭᠡᠨ ᠰᠢᠪᠠᠭᠡᠨᠡᠭ᠍ᠰᠡᠨ ᠵᠢᠷᠤᠭ ᠰᠢᠯᠦᠭ᠌ ᠤᠨ ᠠᠩᠭᠢᠷ
ᠠᠶᠠᠷ ᠠᠶᠠᠷ ᠳᠡᠪᠢᠭ᠍ᠰᠡᠨ ᠠᠩᠭᠢᠷ ᠬᠤᠨ ᠤ ᠨᠦᠷᠭᠢᠯᠳᠠ
ᠠᠯᠢᠶᠠᠷᠬᠠᠨ ᠠᠯᠢᠶᠠᠷᠬᠠᠨ ᠳᠤᠭᠯᠠᠭᠰᠠᠨ ᠠᠯᠢᠶ᠎ᠠ ᠬᠡᠦᠬᠡᠳ ᠤᠨ ᠳᠡᠯᠡᠭᠡᠢ
ᠮᠠᠯᠮᠠᠷᠠᠨ ᠮᠠᠯᠮᠠᠷᠠᠨ ᠳᠤᠨᠤᠷᠠᠭᠰᠠᠨ ᠮᠥᠩᠭᠦᠨ ᠴᠠᠭᠠᠨ ᠭᠡᠪᠢᠰ
ᠮᠢᠷᠠᠯᠵᠠᠨ ᠮᠢᠷᠡᠯᠵᠡᠨ ᠪᠦᠵᠢᠭ᠍ᠰᠡᠨ ᠠᠯᠢᠮᠠᠨ ᠴᠠᠭᠠᠨ ᠴᠡᠴᠡᠭ᠌
ᠵᠥᠭᠡᠯᠡᠨ ᠵᠥᠭᠡᠯᠡᠨ ᠮᠢᠰᠢᠯᠵᠠᠭᠰᠠ ᠵᠢᠰᠦᠯᠢᠭ᠌ ᠭᠤᠶᠤ ᠠᠪᠠᠬᠠᠢ
ᠵᠢᠮ ᠵᠢᠮ ᠶᠢᠡᠷ ᠳᠡᠯᠭᠡᠭ᠍ᠰᠡᠨ ᠵᠢᠷᠦᠭᠡᠨ ᠤ ᠴᠠᠭᠠᠨ ᠯᠢᠩᠬᠤᠸ᠎ᠠ ︕
2012 ᠣᠨ ᠤ 3 ᠰᠠᠷ᠎ᠠ ᠶᠢᠨ 5 ᠊ᠨ᠎ᠠ
ᠵᠤᠬᠢᠶᠠᠭᠴᠢ ᠶᠢᠨ ᠬᠠᠶᠢᠭ ᠄ ᠭᠢᠩᠭ᠋ᠠᠨ ᠤ ᠲᠦᠰᠢᠶᠠᠳᠤ
ᠵᠤᠬᠢᠶᠠᠭᠴᠢ᠄ ᠬᠠᠩᠭ᠋ᠠᠢ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2652
ᠴᠠᠭ᠄ 2012 ᠤᠨ ᠤ 03 ᠰᠠᠷ᠎ᠠ ᠶᠢᠨ 07
ᠨᠠᠢ᠌ᠷᠠᠭᠤᠯᠤᠭᠴᠢ᠄ ᠪᠦᠬᠡᠡᠷᠳᠡᠨᠢ