ᠨᠡᠪᠲᠡᠷᠡᠨ ᠤᠷᠤᠬᠤ
ᠬᠠᠪᠤᠷ ᠰᠠᠭᠠᠳᠠᠯ᠎ᠠ

(ᠳᠠᠭᠤᠤ ᠶᠢᠨ ᠥᠭᠡ)

ᠠᠭᠤᠯᠠᠰ ᠤᠨ ᠳᠡᠭᠡᠭᠦᠷ ᠣᠨᠢᠶᠠᠷ ᠰᠡᠩᠰᠡᠷᠡᠭᠡᠤᠨ

ᠠᠭᠤᠳᠠᠮ ᠳᠠᠯ᠎ᠠ ᠪᠠᠷ ᠵᠡᠷᠭᠡᠯᠭᠡᠨ ᠳᠤᠭᠯᠠᠭᠠᠤᠨ

ᠠᠶᠠᠰ ᠤᠨ ᠰᠠᠯᠭᠢ ᠬᠠᠴᠠᠷ ᠢ ᠢᠯᠪᠢᠭᠡᠤᠨ

ᠠᠢ ᠭᠦ᠋

ᠦᠩ ᠰᠢᠮᠡᠯᠢᠭ᠌ ᠮᠢᠨᠤ ᠨᠤᠳᠤᠭ ᠲᠤ

ᠥᠭ᠍‍ᠭᠢᠶᠡᠮᠦᠷ ᠬᠠᠪᠣᠷ ᠭᠦᠷᠴᠤ ᠢᠷᠠᠯ᠎ᠠ᠃


ᠬᠠᠳᠠᠨ ᠤ ᠳᠡᠭᠡᠭᠦᠷ ᠭᠠᠯᠠᠭᠤᠳ ᠵᠡᠯᠡᠯᠡᠭᠡᠤᠨ

ᠬᠠᠢ᠌ᠯ ᠤᠨ ᠣᠰᠤᠨ ᠮᠠᠯᠮᠠᠯᠵᠠᠨ ᠣᠷᠤᠰᠤᠭᠠᠤᠨ

ᠬᠠᠭᠳᠠ ᠶᠢᠨ ᠳᠤᠮᠳᠠ ᠡᠴᠡ ᠨᠤᠭᠤᠭ᠎ᠠ ᠴᠤᠬᠣᠢ᠌ᠯᠴᠠᠭᠠᠤᠨ

ᠬᠠᠨᠠᠭᠠᠷ ᠳᠡᠨᠢᠭᠦᠨ ᠬᠠᠪᠣᠷ ᠢᠷᠠᠯ᠎ᠠ

ᠠᠢ ᠭᠦ᠋

ᠳᠡᠨᠢᠭᠡᠷ ᠠᠭᠤᠳᠠᠮ ᠮᠢᠨᠤ ᠨᠤᠳᠤᠭ ᠲᠤ

ᠳᠡᠯᠭᠡᠷ ᠰᠠᠢ᠌ᠬᠠᠨ ᠬᠠᠪᠣᠷ ᠰᠠᠭᠠᠳᠠᠯ᠎ᠠ᠃


ᠭᠦᠪᠦᠩ ᠡᠭᠦᠯᠡᠰ ᠠᠭᠠᠷ ᠲᠤ ᠨᠡᠭᠦᠳᠡᠯᠯᠡᠭᠡᠤᠨ

ᠬᠤᠷ᠎ᠠ ᠶᠢᠨ ᠳᠤᠰᠤᠯ ᠠᠳᠠᠷ ᠲᠤ ᠰᠢᠮᠡᠵᠢᠭᠡᠤᠨ

ᠬᠤᠷᠠᠭ᠎ᠠ ᠢᠰᠢᠭᠡ ᠬᠤᠷᠤᠭᠠᠨ ᠳᠤ ᠮᠠᠢ᠌ᠯᠠᠯᠳᠤᠭᠠᠤᠨ

ᠭᠦᠭ᠍ᠵᠢᠯᠳᠤ ᠳᠡᠨᠢᠭᠦᠨ ᠬᠠᠪᠣᠷ ᠢᠷᠠᠯ᠎ᠠ

ᠠᠢ ᠭᠦ᠋

ᠣᠶᠠᠩᠭ᠋᠎ᠠ ᠳᠠᠭᠤᠤ ᠲᠡᠶ ᠮᠢᠨᠤ ᠨᠤᠳᠤᠭ ᠲᠤ

ᠣᠯᠠᠷᠢᠯ ᠤᠨ ᠳᠡᠷᠢᠭᠦᠨ ᠬᠠᠪᠣᠷ ᠰᠠᠭᠠᠳᠠᠯ᠎ᠠ


ᠵᠤᠬᠢᠶᠠᠭᠴᠢ᠄ ᠴᠡᠴᠡᠭ
ᠢᠷᠡᠯᠲᠡ᠄ ᠵᠠᠷᠤᠳ ᠬᠤᠰᠢᠭᠤᠨ ᠤ ᠤᠳᠬ᠎ᠠ ᠤᠷᠠᠯᠢᠭ ᠤᠨ ᠬᠢᠨ ᠤ ᠬᠤᠯᠪᠤᠭᠠᠲᠤ ᠬᠤᠷᠠᠯ ᠬᠠᠩᠭᠠᠪᠠ
ᠬᠠᠷᠢᠶ᠎ᠠ᠄ ᠰᠢᠯᠦᠭ
ᠳᠠᠷᠤᠮ᠄ 2750
ᠴᠠᠭ᠄ 2004 ᠤᠨ ᠤ 10 ᠰᠠᠷ᠎ᠠ ᠶᠢᠨ 12
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ