☆ ᠳ᠋ᠦ᠋ᠩ ᠴᠢᠩ
ᠤᠬᠠᠭᠠᠷᠠᠯ (ᠱᠤᠭ ᠶᠠᠷᠢᠶ᠎ᠠ)
ᠡᠨ᠄ (ᠬᠠᠷᠮᠠᠨ ᠡᠴᠡ ᠪᠠᠨ ᠵᠢᠵᠢᠭ᠌ ᠳᠠᠪᠳᠠᠷ ᠭᠠᠷᠭᠠᠨ ᠠᠮᠠᠨ ᠳᠠᠭᠠᠨ ᠣᠪᠣᠷ ᠳᠤᠪᠣᠷ ᠣᠩᠰᠢᠵᠤ ᠴᠡᠭᠡᠵᠢᠯᠡᠭᠦ ᠪᠠᠢ᠌ᠳᠠᠯ ᠭᠠᠷᠭᠠᠨ᠎ᠠ)
ᠡ᠄ ᠭᠦᠢ᠂ ᠮᠠᠨ ᠤ ᠭᠦᠮᠤᠨ ᠴᠢᠨᠢ 《ᠥᠳᠡᠯᠭᠦ》 ᠳᠤᠳᠤᠮ ᠶᠢᠡᠨ ᠡᠷᠳᠡᠮ ᠨᠤᠮ ᠳᠠᠭᠠᠨ ᠰᠢᠮᠳᠡᠭᠡᠤᠨ ᠰᠥᠷᠡᠭᠡᠢ ᠪᠣᠯᠵᠤ ᠪᠠᠢ᠌ᠨ᠎ᠠ ᠰᠢᠳᠠ᠃
ᠡᠨ᠄ ᠬᠠᠢ︕ (ᠰᠠᠨᠠᠭ᠎ᠠ ᠠᠯᠳᠠᠵᠤ) 《ᠭᠦᠭ᠍ᠰᠢᠨ ᠪᠣᠬ᠎ᠠ ᠵᠢᠷᠤᠭ᠎ᠠ ᠣᠷᠤᠨ᠎ᠠ》 ᠭᠡᠵᠤ ᠡᠭᠦᠨ ᠢ ᠯᠠ ᠭᠡᠯᠡᠨ᠎ᠡ ᠪᠢᠵᠠ ⁉
ᠡ᠄ ᠶᠠᠮᠠᠷ ᠨᠤᠮ ᠪᠣᠯᠴᠢᠬᠠᠭᠠᠤᠨ ᠁
ᠡᠨ᠄ 《ᠬᠠᠭᠤᠷᠤᠯᠭ᠎ᠠ ᠬᠠᠭᠠᠷᠢᠯᠭ᠎ᠠ ᠶᠢᠨ ᠠᠷᠭ᠎ᠠ ᠳᠠᠮ》 ᠭᠡᠰᠡᠨ ᠨᠤᠮ᠃
ᠡ᠄ ᠥ᠂ ᠳᠠ ᠴᠢᠨᠢ ᠳᠤᠭᠤᠭᠠᠴᠢᠨ ᠪᠣᠯᠬᠤ ᠭᠡᠤᠨ ᠴᠢᠷᠮᠠᠢ᠌ᠵᠤ ᠪᠠᠢ᠌ᠭ᠎ᠠ ᠨᠢ ᠡᠨᠡ ᠶᠤᠮ ᠪᠠᠢ᠌ᠨ᠎ᠠ᠃
ᠡᠨ᠄ ᠳᠤᠭᠤᠭᠠᠴᠢᠨ ᠳᠤ ᠳᠤᠷᠠᠯᠠᠬᠤ ᠲᠡᠶ᠂ ᠴᠠᠭ ᠤᠨ ᠬᠤᠭᠤᠯᠠ ᠪᠠᠨ ᠴᠤ ᠡᠪᠳᠡᠢ ᠡᠪᠯᠡᠭᠦᠯᠵᠤ ᠳᠡᠢ᠌ᠯᠭᠦ ᠦᠭᠡᠶ ᠰᠠᠠᠳᠤᠷᠴᠤ ᠪᠠᠢ᠌ᠬᠤ ᠳᠤ᠃
ᠡ᠄ ᠦᠭᠡᠶ᠂ ᠳᠠ ᠴᠢᠨᠢ ᠶᠠᠭᠤ ᠶᠠᠷᠢᠭᠠᠤᠨ ᠯᠠ ᠪᠠᠢ᠌ᠬᠤ ᠶᠤᠮ︖ ᠴᠠᠭ ᠤᠨ ᠬᠤᠭᠤᠯᠠ ᠶᠢ ᠡᠪᠯᠡᠭᠦᠯᠭᠦ ᠳᠤ ᠪᠠᠰᠠ ᠶᠠᠭᠤ ᠨᠢ ᠳᠠᠳᠤᠢ ᠵᠤᠪᠠᠴᠢᠬᠠᠭᠰᠠᠨ ᠪᠣᠢ︖ ᠡᠳᠦᠷ ᠤᠨ ᠭᠤᠷᠪᠠᠨ ᠡᠷᠡᠨ ᠳᠤ ᠢᠳᠠᠵᠤ ᠯᠠ ᠪᠠᠢ᠌ᠭ᠎ᠠ ᠶᠠᠭᠤᠮ᠎ᠠ ᠶᠢ᠃
ᠡᠨ᠄ ᠳᠤᠭᠤᠭ᠎ᠠ ᠰᠢᠨᠠᠭ᠎ᠠ ᠲᠡᠶ ᠶᠠᠷᠤ ᠡᠴᠡ ᠬᠠᠪᠢᠳᠠᠳᠠᠭ ᠦᠭᠡᠶ ᠨᠠᠳᠠ ᠳᠤ ᠪᠣᠯ ᠡᠨᠡ ᠴᠤ ᠪᠠᠰᠠ ᠠᠮᠠᠷ ᠦᠭᠡᠶ ᠶᠠᠪᠣᠳᠠᠯ ᠰᠢᠤ᠃
ᠡ᠄ ᠰᠤᠨᠤᠰᠤᠭᠠᠤᠨ ᠪᠠᠢ᠌ᠬᠤ ᠳᠤ ᠳᠠ ᠴᠢᠨᠢ ᠨᠢᠭᠡ ᠠᠩᠭ᠋ᠠᠢ᠌ᠵᠤ ᠢᠳᠡᠭᠡᠤᠨ ᠳᠠᠩᠭ᠋ᠠᠢ᠌ᠵᠤ ᠭᠡᠪᠳᠡᠳᠡᠭ᠌ ᠵᠠᠯᠬᠠᠭᠤ ᠡᠷ᠎ᠡ ᠰᠢᠭ᠌ ᠪᠠᠢ᠌ᠨ᠎ᠠ ᠳ᠋ᠠ᠃
ᠡᠨ᠄ ᠵᠠᠯᠬᠠᠭᠤ ᠭᠡᠮᠡᠷ ᠶᠠᠭᠤ ᠯᠠ ᠪᠠᠢ᠌ᠨ᠎ᠠ ᠳ᠋ᠠ᠃ ᠭᠤᠤᠯ ᠨᠢ ᠰᠠᠢ᠌ᠨ ᠡᠭᠡᠨᠡᠷ ᠳᠠᠭᠠᠷᠠᠭᠰᠠᠨ ᠤ ᠭᠢ ᠰᠢᠳᠠ᠃
ᠡ᠄ ᠳᠡᠭᠡᠭᠡᠤᠨ ᠳᠠ ᠴᠢᠨᠢ ᠠᠮᠤᠷ ᠳᠠᠭᠠᠳᠠᠢ ᠵᠢᠷᠭᠠᠭᠠᠤᠨ ᠯᠠ ᠰᠠᠭᠤᠬᠤ ᠦᠭᠡᠶ ᠶᠠᠭᠤᠨ ᠳᠤ ᠪᠠᠰᠠ ᠵᠢᠷᠤᠭᠠᠯᠠᠬᠤ ᠭᠡᠵᠤ ᠪᠠᠢ᠌ᠬᠤ ᠶᠤᠮ︖
ᠡᠨ᠄ ᠬᠠᠢ ︕ 《ᠴᠠᠭ ᠴᠠᠭ ᠶᠢᠡᠷ ᠶᠢᠡᠨ ᠪᠠᠢ᠌ᠳᠠᠭ ᠦᠭᠡᠶ ᠴᠠᠭᠢᠯᠳᠠᠭ ᠭᠦᠭᠡ ᠪᠠᠷ ᠶᠢᠡᠨ ᠪᠠᠢ᠌ᠳᠠᠭ ᠦᠭᠡᠶ》 ᠭᠡᠵᠤ ᠡᠭᠡᠨᠡᠷ ᠮᠢᠨᠢ ᠴᠤ ᠭᠦᠯᠢᠶᠡᠭᠦ ᠦᠭᠡᠶ ᠪᠣᠯᠴᠢᠭᠰᠠᠨ᠃ (ᠣᠷᠮ᠎ᠠ ᠦᠭᠡᠶ ᠪᠠᠢ᠌ᠳᠠᠯᠳᠠᠢ)
ᠡ᠄ ᠶᠠᠭᠠᠭᠢᠪᠠ ⁉
ᠡᠨ᠄ ᠪᠠᠢ᠌ᠳᠠᠭ ᠠᠵᠢᠯ ᠶᠢᠡᠨ ᠪᠦᠷ ᠨᠠᠳᠠ ᠳᠤ ᠳᠦᠯᠭᠢᠴᠢᠭᠡᠭᠡᠤᠨ᠂ ᠦᠪᠡᠷ ᠶᠢᠡᠨ ᠬᠠᠷᠢᠨ ᠬᠠᠮᠢᠶ᠎ᠠ ᠴᠤ ᠦᠭᠡᠶ ᠬᠠᠠᠵᠤᠨ ᠭᠤᠤᠯ ᠳᠠᠭᠠᠨ ᠶᠤᠯᠬᠣᠢ᠌ᠵᠤ ᠭᠡᠪᠳᠡᠭᠡᠤᠨ᠂ ᠵᠤᠭᠤᠰ ᠶᠢᠡᠷ ᠬᠤᠳᠠᠯᠳᠤᠵᠤ ᠠᠪᠣᠭᠰᠠᠨ ᠪᠣᠭᠤᠯ ᠴᠢᠨᠢ ᠶᠤᠮ ᠦᠦ ᠪᠢ ᠭᠡᠵᠤ ᠡᠭᠡᠨᠡᠷ ᠮᠢᠨᠢ ᠨᠢᠭᠡ ᠡᠳᠦᠷ ᠠᠭᠰᠤᠷᠴᠤ ᠪᠠᠢ᠌ᠨ᠎ᠠ᠃ (ᠳᠠᠭᠤᠷᠢᠶᠠᠨ᠎ᠠ)
ᠡ᠄ ᠭᠦᠮᠤᠨ ᠤ ᠭᠡᠯᠡᠵᠤ ᠪᠠᠢ᠌ᠭ᠎ᠠ ᠪᠠᠰᠠ ᠳᠠᠭᠠᠷᠠᠵᠤ ᠪᠠᠢ᠌ᠨ᠎ᠠ᠃ ᠭᠡᠷᠪᠡ ᠪᠢ ᠡᠭᠡᠨᠡᠷ ᠴᠢᠨᠢ ᠪᠣᠯᠤᠭᠰᠠᠨ ᠪᠣᠯ ᠦᠦ︖ ᠭᠡᠳᠥᠢᠨᠡᠢ ᠴᠢᠮ᠎ᠠ ᠶᠢ ᠭᠢᠯᠭᠠᠰᠤᠨ ᠳᠡᠭᠡᠭᠦᠷ ᠭᠦᠶᠦᠯᠭᠡᠴᠢᠭᠡᠵᠡᠢ᠃
ᠡᠨ᠄ ᠮᠤᠠᠳᠠᠭᠠᠨ ᠴᠤ ᠴᠢ ᠮᠢᠨᠤ ᠭᠡᠷᠭᠡᠢ ᠪᠣᠯᠤᠭᠰᠠᠨ ᠦᠭᠡᠶ ᠳ᠋ᠠ᠃
ᠡ᠄ ᠶᠠᠮᠠᠷ ᠭᠡᠦᠭᠡᠨ ᠨᠢ ᠴᠢᠮ᠎ᠠ ᠰᠢᠭ᠌ ᠠᠮᠢᠳᠠᠨ ᠢ ᠳᠤᠭᠤᠴᠢᠬᠠᠭᠰᠠᠨ ᠪᠣᠯ ᠁
ᠡᠨ᠄ ᠭᠦᠢ᠂ ᠪᠢ ᠭᠡᠨ ᠡᠴᠡ ᠨᠢ ᠳᠤᠤᠷ᠎ᠠ ᠳᠦᠷᠦᠭ᠍ᠰᠡᠨ ᠪᠣᠢ︖ ᠳᠤᠸᠠᠯᠠᠴᠢᠬᠠᠭᠰᠠᠨ ᠭᠦᠮᠦᠰᠭᠡ ᠨᠢᠳᠤ ᠲᠡᠶ᠂ ᠵᠢᠮᠢ᠌ᠴᠢᠭᠡᠭ᠍ᠰᠡᠨ ᠣᠷᠤᠭᠤᠯ ᠠᠮᠠ ᠲᠡᠶ᠂ ᠴᠢ ᠦᠵᠡ︕ (ᠪᠠᠷᠳᠠᠮ ᠴᠢᠷᠠᠢ᠌ᠯᠠᠨ᠎ᠠ)
ᠡ᠄ (ᠡᠨ ᠶᠢ ᠰᠢᠠᠵᠢᠵᠤ) ᠡᠩ᠂ ᠳᠦᠷᠦᠭ᠍ᠰᠡᠨ ᠪᠠᠷᠢᠭᠰᠠᠨ ᠨᠢ ᠴᠤ ᠪᠣᠯ ᠪᠠᠰᠠ ᠪᠣᠯᠴᠢᠬᠠᠨ᠎ᠠ᠂ ᠭᠡᠶ᠎ᠡ ᠳᠠ ᠴᠢᠨᠢ ᠭᠠᠳᠠᠨ᠎ᠠ ᠪᠠᠨ ᠭᠢᠯᠠᠢ᠌ᠠᠴᠠᠭ ᠴᠤ ᠳᠤᠳᠤᠷ᠎ᠠ ᠪᠠᠨ ᠫᠠᠯᠠᠢ᠌ᠠᠴᠠᠭ ᠠᠮᠢᠳᠠᠨ᠃
ᠡᠨ᠄ ᠭᠡᠷ ᠲᠡᠭᠡᠨ ᠣᠷᠤᠪᠠᠯ ᠡᠭᠡᠨᠡᠷ ᠲᠡᠭᠡᠨ ᠵᠢᠮᠡᠯᠡᠭ᠍ᠳᠡᠵᠤ᠂ ᠭᠠᠳᠠᠨ᠎ᠠ ᠭᠠᠷᠪᠠᠯ ᠪᠣᠰᠤᠳ ᠲᠤ ᠭᠡᠯᠡᠭ᠍ᠳᠡᠨ᠎ᠡ᠂ ᠶᠠᠭᠠᠭᠢᠵᠤ ᠴᠤ ᠳᠤᠷᠤᠢ ᠣᠷᠤᠭᠰᠠᠨ ᠢ ᠪᠣᠤ ᠮᠠᠳᠠ︕ (ᠣᠷᠤᠭᠤ ᠴᠢᠷᠠᠢ᠌ᠯᠠᠨ᠎ᠠ)
ᠡ᠄ ᠡᠭᠡᠨᠡᠷ ᠴᠢᠨᠢ ᠪᠠᠰᠠ ᠶᠠᠭᠤ ᠭᠡᠵᠤ ᠪᠠᠢ᠌ᠨ᠎ᠠ︖
ᠡᠨ᠄ ᠡᠭᠡᠨᠡᠷ ᠪᠦᠰᠡᠭᠦᠢ ᠨᠢ ᠡᠷ᠎ᠡ ᠨᠥᠭᠦᠷ ᠶᠢᠡᠨ ᠡᠴᠢᠭᠡ ᠪᠠᠨ ᠰᠢᠭ᠌ ᠭᠦᠡᠳᠦᠯᠡᠵᠤ ᠰᠤᠪᠢᠯᠠᠳᠠᠭ ᠡᠳᠡᠭᠡᠤᠨ ᠮᠠᠭᠤᠬᠠᠢ ᠵᠠᠩ ᠵᠠᠩᠰᠢᠯ ᠢ ᠥᠭᠡᠷᠡᠴᠢᠯᠡᠵᠤ ᠣᠳᠤ ᠬᠠᠯᠠᠬᠤ ᠭᠡᠷᠡᠭ᠍ᠳᠡᠢ ᠪᠣᠯᠤᠭᠰᠠᠨ᠃ (ᠳᠠᠭᠤᠷᠢᠶᠠᠨ᠎ᠠ)
ᠡ᠄ ᠶᠠᠭ ᠳᠠᠭᠠᠷᠠᠵᠤ ᠪᠠᠢ᠌ᠨ᠎ᠠ᠃
ᠡᠨ᠄ ᠮᠦᠨ ᠢᠩᠭᠢᠭᠡᠤᠨ ᠪᠠᠰᠠ ᠪᠣᠯᠵᠤ ᠯᠠ ᠪᠠᠢ᠌ᠭᠰᠠᠨ ᠰᠢᠳᠠ᠃ ᠶᠠᠭᠠᠭᠢᠭᠠᠤᠨ ᠦᠨᠦ ᠪᠣᠯᠬᠤ ᠳᠤ᠁
ᠡ᠄ ᠡᠭᠦᠨ ᠢ ᠣᠬᠠᠮᠰᠠᠷᠠᠯᠠ ᠭᠡᠵᠤ ᠯᠠ ᠭᠡᠯᠡᠨ᠎ᠡ᠃ ᠪᠦᠰᠡᠭᠦᠢᠴᠦᠦᠯ ᠢ ᠪᠣᠭᠤᠯ ᠰᠢᠭ᠌ ᠦᠵᠡᠵᠤ ᠪᠣᠯᠬᠤ ᠦᠭᠡᠶ᠂ ᠳᠠᠳᠠ ᠪᠠᠰᠠ ᠠᠳᠠᠯᠢᠬᠠᠨ ᠭᠦᠮᠤᠨ ᠰᠢᠤ᠃
ᠡᠨ᠄ ᠭᠡᠨ ᠳᠠᠳᠠᠨ ᠢ ᠭᠦᠮᠤᠨ ᠪᠢᠰᠢ ᠭᠡᠵᠤ ᠭᠡᠯᠡᠵᠤ ᠪᠠᠢ᠌ᠬᠤ ᠶᠤᠮ︖ ᠨᠡᠭᠡᠷᠡᠨ ᠴᠤ᠃ (ᠠᠭᠤᠷᠳᠠᠢ ᠪᠠᠷ)
ᠡ᠄ ᠳᠡᠭᠡᠭᠡᠤᠨ ᠶᠠᠭᠠᠭᠢᠭᠠᠤᠨ ᠡᠷᠡᠭ᠍ᠳᠡᠢ᠌ᠴᠦᠦᠯ ᠲᠡᠶ ᠠᠳᠠᠯᠢᠬᠠᠨ ᠡᠷᠭᠡ ᠳᠡᠭ᠍ᠰᠢ ᠪᠠᠢ᠌ᠵᠤ ᠪᠣᠯᠬᠤ ᠦᠭᠡᠶ ᠪᠣᠢ︖
ᠡᠨ᠄ (ᠳᠠᠭᠤ ᠦᠭᠡᠶ ᠳᠤᠮᠪᠣᠢ᠌ᠨᠠ) ᠁
ᠡ᠄ 《ᠭᠦᠮᠤᠨ ᠭᠡᠳᠦᠢ ᠮᠡᠷᠭᠡᠨ ᠴᠤ ᠭᠡᠯᠡᠭᠦ ᠦᠭᠡᠶ ᠪᠣᠯ ᠮᠡᠳᠡᠭᠦ ᠦᠭᠡᠶ》 ᠭᠡᠳᠡᠭ᠌ ᠶᠢᠡᠷ ᠠᠬ᠎ᠠ ᠨᠢ ᠳᠠᠨ ᠳᠤ ᠰᠠᠨᠠᠭᠤᠯᠤᠶ᠎ᠠ᠂ ᠳᠠᠨ ᠤ ᠡᠨᠡ ᠬᠤᠴᠤᠷᠤᠩᠭ᠋ᠤᠢ ᠪᠣᠳᠤᠯ ᠶᠢᠡᠨ ᠳᠦᠷᠭᠡᠨ ᠰᠢᠭ᠌ ᠬᠠᠯᠠ︕ ᠠᠮᠠᠷᠠᠭ ᠭᠡᠷᠭᠡᠢ ᠶᠢᠨ ᠶᠢᠡᠨ ᠡᠭᠦᠷᠭᠡ ᠳᠠᠷᠤᠭᠠᠰᠤ ᠶᠢ ᠭᠦᠩᠭᠡᠯᠡᠵᠤ᠂ ᠠᠩᠭ᠋᠎ᠠ ᠭᠡᠦᠭᠡᠤᠨ ᠲᠡᠭᠡᠨ ᠠᠰᠤᠷᠤ ᠰᠠᠢ᠌ᠨ ᠥᠯᠢᠭᠡᠷ ᠳᠠᠭᠤᠷᠢᠶᠠᠯ ᠥᠵᠡᠭᠦᠯᠵᠤ ᠶᠠᠪᠣᠭᠠᠷᠠᠢ︕
ᠡᠨ᠄ ᠳᠡᠭᠡᠭᠦ ᠡᠴᠡ ᠯᠠ ᠥᠭᠡᠷ᠎ᠡ ᠪᠠᠰᠠ ᠠᠷᠭ᠎ᠠ ᠵᠠᠮ ᠠᠯᠠᠭ᠎ᠠ ᠪᠣᠯᠵᠠᠢ᠃
ᠡ᠄ ᠶᠠᠭᠠᠭᠢᠴᠢᠬᠠᠪᠠ︖
ᠡᠨ᠄ ᠡᠭᠡᠨᠡᠷ ᠮᠢᠨᠢ ᠭᠢᠭ᠍ᠰᠡᠨ ᠬᠤᠭᠤᠯᠠ ᠪᠠᠨ ᠭᠡᠦᠭᠡᠨ ᠲᠡᠶ ᠪᠠᠨ ᠬᠤᠶᠠᠭᠤᠯᠠ ᠢᠳᠡᠴᠢᠭᠡᠭᠡᠤᠨ ᠦᠯᠠᠳᠠᠵᠤ ᠬᠤᠴᠤᠷᠤᠭᠰᠠᠨ ᠢ ᠨᠢ ᠨᠤᠬᠠᠢ ᠳᠠᠭᠠᠨ ᠴᠢᠤᠠᠬᠤᠭᠠᠤᠨ ᠥᠭ᠍ᠳᠡᠭ᠌ ᠪᠣᠯᠴᠢᠬᠠᠭᠰᠠᠨ ᠪᠠᠢ᠌ᠬᠤ ᠦᠭᠡᠶ ᠦᠦ︖
ᠡ᠄ ᠠᠬᠤᠤ ᠵᠤᠭᠢᠷᠠᠵᠠᠢ᠂ ᠠᠯᠵᠠᠭᠤᠷᠠᠨᠠ ᠦᠦ︖
ᠡᠨ᠄ ᠡᠭᠢᠨ ᠳᠡᠭᠡᠨ ᠪᠠᠰᠠ ᠢᠳᠡᠭᠦᠯᠭᠦ ᠦᠭᠡᠶ ᠪᠣᠯ ᠪᠠᠢ᠌ᠭ ᠴᠠᠰᠢ︕ ᠭᠡᠤᠨ ᠭᠦᠯᠳᠥᠢᠭᠡᠤᠨ ᠭᠡᠪᠳᠡᠭᠡᠤᠨ ᠪᠠᠢ᠌ᠯ᠎ᠠ᠃ ᠭᠡᠳᠡᠯ᠎ᠡ ᠡᠨᠡ ᠭᠠᠢ᠌ᠬᠠᠯ ᠭᠡᠳᠡᠰᠤ ᠪᠠᠰᠠ ᠠᠮᠤᠷ ᠪᠠᠢ᠌ᠬᠤ ᠶᠠᠭᠤᠮ᠎ᠠ ᠪᠢᠰᠢ᠂ ᠭᠤᠷ ᠊᠊᠊᠊᠊᠊᠊᠊᠊᠊᠊᠊᠊᠊᠊ ᠭᠠᠷ ᠳᠤᠤᠭᠠᠷᠴᠤ ᠬᠠᠯᠠᠭᠤᠨ ᠪᠦᠯᠢᠶᠡᠨ ᠣᠷᠭᠢᠭᠠᠤᠨ ᠁
ᠡ᠄ ᠴᠢ ᠮᠢᠨᠢ ᠠᠷᠠᠢ ᠦᠯᠪᠠᠷᠤᠯ ᠵᠠᠷᠯᠠᠬᠤ ᠭᠡᠵᠤ ᠦᠭᠡᠶ ᠪᠠᠢ᠌ᠬ᠎ᠠ ⁉
ᠡᠨ᠄ ᠦᠭᠡᠢ ᠊᠊᠊᠊᠊᠊᠊᠊᠊᠊᠊᠊᠊᠊᠊ ᠦᠭᠡᠶ᠂ ᠰᠦᠨᠢ ᠶᠢᠨ ᠭᠦᠨ ᠪᠣᠯᠬᠤ ᠳᠤ ᠳᠡᠰᠭᠦ ᠪᠠᠨ ᠪᠣᠯᠢᠭᠰᠠᠨ ᠪᠢ ᠴᠢᠨᠢ ᠭᠡᠳᠡᠰᠤ ᠪᠠᠨ ᠳᠡᠪᠠᠷᠢᠭ᠍ᠰᠡᠭᠡᠷ ᠳᠤᠭᠤᠭᠠᠨ ᠭᠡᠷ ᠲᠡᠭᠡᠨ ᠰᠠᠪ ᠰᠡᠮᠭᠡᠨ ᠬᠤᠯᠭᠤᠭᠠᠤᠨ ᠣᠷᠤᠯ᠎ᠠ᠃ ᠢᠳᠠᠮᠠᠷ ᠶᠠᠭᠤᠮ᠎ᠠ ᠡᠷᠢᠵᠤ ᠦᠵᠡᠯ᠎ᠠ᠂ ᠣᠯᠳᠠᠭᠰᠠᠨ ᠶᠠᠭᠤᠮ᠎ᠠ ᠦᠭᠡᠶ᠃ ᠠᠷᠭ᠎ᠠ ᠪᠠᠨ ᠪᠠᠷᠠᠬᠤ ᠳᠠᠭᠠᠨ ᠨᠡᠭᠦᠷᠡᠰᠤᠨ ᠭᠡᠢ ᠪᠠᠨ ᠨᠤᠴᠤᠭᠠᠵᠤ ᠭᠤᠸᠠᠮᠢᠶᠠᠨ ᠴᠢᠨᠠᠵᠤ ᠢᠳᠡᠭᠦ ᠭᠡᠵᠤ ᠪᠠᠢ᠌ᠭᠠᠤᠨ ᠭᠡᠷᠡᠭ᠌ ᠳᠠᠳᠠᠴᠢᠬᠠᠭᠰᠠᠨ ᠪᠠᠢ᠌ᠬᠤ ᠦᠭᠡᠶ ᠦᠦ︖
ᠡ᠄ ᠶᠠᠭᠠᠭᠢᠴᠢᠬᠠᠪᠠ︖
ᠡᠨ᠄ ᠡᠨᠡ ᠳᠠᠷᠠ ᠶᠢ ᠨᠢ ᠴᠢᠴᠢᠵᠤ ᠭᠤᠪᠢᠭᠰᠠᠭᠠᠷ ᠭᠡᠢ ᠶᠢ ᠨᠢ ᠳᠦᠩᠭᠡᠵᠢ ᠳᠠᠯᠪᠢᠨ᠂ ᠵᠤᠷᠠᠭᠰᠠᠨ ᠴᠦᠳᠠᠠᠵᠠ ᠪᠠᠨ ᠰᠢᠳᠠᠵᠤ ᠣᠷᠭᠢᠭᠰᠠᠨ ᠴᠢᠨᠢ ᠭᠦᠷ ᠊᠊᠊᠊᠊᠊᠊᠊᠊᠊᠊᠊᠊᠊᠊ ᠭᠡᠰᠡᠨ ᠪᠢᠯᠡ᠂ ᠰᠦᠯᠢᠶᠤᠤ ᠣᠭᠯᠠᠭᠤᠷ ᠤᠨ ᠭᠢᠨᠢ ᠣᠭ ᠡᠴᠡ ᠪᠣᠷ ᠭᠡᠳᠡᠯ᠎ᠡ ᠭᠠᠯ ᠭᠠᠷᠴᠢᠬᠠᠵᠤ ᠪᠢᠯᠠ᠃
ᠡ᠄ ᠶᠠᠷᠤ ᠶᠢᠨ ᠦᠶ᠎ᠡ ᠳᠡᠭᠡᠨ ᠭᠢᠴᠢᠶᠡᠭᠦ ᠦᠭᠡᠶ ᠪᠣᠯ ᠰᠠᠠᠳᠤᠷᠤᠭᠰᠠᠨ ᠴᠠᠭ ᠲᠤ ᠪᠣᠷᠬᠠᠨ ᠤ ᠭᠦᠯ ᠢ ᠳᠡᠪᠠᠷᠢᠭ᠍ᠰᠡᠨ ᠴᠤ ᠳᠤᠰᠠ ᠦᠭᠡᠶ ᠭᠡᠳᠡᠭ᠌ ᠡᠨᠡ ᠳ᠋ᠠ᠃
ᠡᠨ᠄ ᠰᠠᠠᠳᠤᠷᠴᠤ ᠪᠠᠯᠭᠠᠷᠳᠠᠭᠰᠠ ᠪᠢ ᠴᠢᠨᠢ ᠶᠠᠭᠠᠭᠢᠬᠤ ᠪᠠᠨ ᠣᠯᠬᠤ ᠦᠭᠡᠶ ᠪᠣᠯᠬᠤ ᠳᠠᠭᠠᠨ ᠯᠤᠩᠬᠤᠨ ᠬᠠᠪᠬᠠᠯᠠᠭᠤᠷ ᠢ ᠨᠢ ᠠᠪᠣᠭᠠᠤᠨ ᠮᠤᠰᠭᠢᠯᠠ᠃ ᠳᠡᠭᠡᠭ᠍ᠰᠡᠨ ᠴᠢᠨᠢ ᠭᠠᠯ ᠤᠨ ᠰᠤᠷ ᠨᠢ ᠣᠯᠠᠮ ᠴᠤ ᠦᠨᠳᠦᠷ ᠮᠠᠠᠳᠤᠴᠢᠬᠠᠵᠠᠢ᠃
ᠡ᠄ ᠣᠳᠤ ᠴᠤ ᠳᠦᠭᠦᠷᠦᠭ᠍ᠰᠡᠨ ᠭᠡᠷᠡᠭ᠌ ᠪᠣᠯᠵᠠᠢ᠃
ᠡᠨ᠄ ᠭᠠᠯ ᠡ ᠁ ᠭᠠᠯ ᠡ ᠁ ᠭᠡᠵᠤ ᠡᠷᠢᠶᠡᠨ ᠮᠠᠷᠢᠶᠠᠨ ᠪᠠᠷᠭᠢᠷᠠᠭᠰᠠᠭᠠᠷ ᠡᠭᠡᠨᠡᠷ ᠤᠨ ᠶᠢᠡᠨ ᠳᠡᠷᠭᠡᠳᠡ ᠭᠦᠶᠦᠭᠡᠤᠨ ᠣᠷᠤᠭᠰᠠᠨ᠃
ᠡ᠄ ᠡᠭᠡᠨᠡᠷ ᠴᠢᠨᠢ ᠶᠠᠭᠠᠭᠢᠵᠤ ᠪᠠᠢ᠌ᠨ᠎ᠠ︖
ᠡᠨ᠄ ᠨᠢᠳᠤ ᠪᠠᠨ ᠠᠨᠢᠭᠰᠠᠨ ᠶᠠᠩᠵᠤ ᠪᠠᠷ ᠶᠢᠡᠨ 《ᠶᠠᠭᠠᠭᠢᠵᠤ ᠭᠡᠨ᠎ᠡ︖》 (ᠳᠠᠭᠤᠷᠢᠶᠠᠨ᠎ᠠ)
ᠡ᠄ ᠴᠢ ᠴᠢᠨᠢ ᠥᠭᠡ ᠪᠠᠨ ᠳᠤᠳᠤᠷᠬᠠᠢ ᠭᠡᠯᠡᠨ᠎ᠡ ᠪᠠ ᠳ᠋ᠠ᠃
ᠡᠨ᠄ ᠭᠠᠯ ᠡ ᠁ ᠭᠠᠯ ᠡ ᠭᠡᠤᠨ ᠪᠢ ᠴᠢᠨᠢ ᠳᠤᠭᠤᠭᠠᠨ ᠭᠡᠷ ᠣᠷᠤᠭᠤ ᠪᠠᠨ ᠨᠢᠭᠡ ᠵᠢᠭᠠᠭᠠᠤᠨ ᠭᠦᠯ ᠶᠢᠡᠨ ᠨᠢᠭᠡ ᠳᠡᠪᠰᠡᠭᠡᠤᠨ ᠪᠠᠢ᠌ᠯ᠎ᠠ᠃
ᠡ᠄ ᠡᠭᠡᠨᠡᠷ ᠴᠢᠨᠢ ᠳᠦᠭᠦᠭᠡᠷᠡᠭ᠍ᠰᠡᠨ ᠦᠦ︖
ᠡᠨ᠄ ᠳᠦᠭᠦᠭᠡᠷᠡᠭᠦ ᠲᠡᠶ ᠪᠠᠰᠠ᠂ 《ᠶᠤ᠋ ᠊᠊᠊᠊᠊᠊᠊᠊᠊᠊᠊᠊᠊᠊᠊ ᠶᠤᠬᠤ ᠡᠨᠡ ᠭᠦᠯ ᠭᠠᠷ ᠤᠨ ᠡᠪᠠᠦᠡᠴᠤ ᠪᠠᠢ᠌ᠭ᠎ᠠ》 ᠭᠡᠨᠡᠷᠡᠨ ᠣᠷᠪᠠᠵᠤ ᠬᠠᠠᠳᠤᠭᠠᠤᠨ ᠬᠠᠮᠠᠷ ᠳᠠᠳᠠᠵᠤ ᠪᠠᠢ᠌ᠨ᠎ᠠ᠃ (ᠳᠠᠭᠤᠷᠢᠶᠠᠨ᠎ᠠ)
ᠡ᠄ ᠠᠢ︕ ᠭᠦᠭᠡᠷᠦᠭᠦᠢ ᠡᠭᠡᠨᠡᠷ ᠴᠢᠨᠢ ᠠᠵᠢᠯ ᠠᠮᠢᠳᠤᠷᠠᠯ ᠳᠠᠭᠠᠨ ᠳᠠᠷᠤᠭᠳᠠᠭᠠᠤᠨ ᠳᠡᠩᠳᠡᠭᠦᠤ ᠶᠠᠳᠠᠷᠠᠵᠤ ᠪᠠᠢ᠌ᠨ᠎ᠠ᠃ ᠳᠠᠳᠠᠵᠤ ᠪᠣᠰᠬᠠᠬᠤ ᠦᠭᠡᠶ ᠪᠣᠯ ᠭᠤᠷᠢ ᠦᠭᠡᠶ ᠪᠣᠯᠴᠢᠬᠠᠵᠤ ᠪᠠ︖
ᠡᠨ᠄ ᠳᠠᠢ᠌ᠮᠤ ᠭᠡᠮ᠂ ᠡᠭᠡᠨᠡᠷ ᠶᠢᠡᠨ ᠣᠭᠵᠠ ᠳᠠᠳᠠᠨ ᠪᠣᠰᠬᠠᠵᠤ᠂ ᠡᠷᠡᠤ ᠳᠦᠭᠦᠰᠢ ᠣᠷᠤᠭᠤ ᠨᠢ ᠭᠦᠴᠦᠳᠡᠢ ᠨᠢᠭᠡ ᠠᠯᠠᠭᠠᠳᠠᠭᠠᠤᠨ 《ᠨᠡᠭᠦᠷᠡᠰᠤᠨ ᠭᠡᠢ ᠳᠤ ᠴᠢᠨᠢ ᠭᠠᠯ ᠊᠊᠊᠊᠊᠊᠊᠊᠊᠊᠊᠊᠊᠊᠊ ᠭᠠᠯ ᠣᠷᠤᠴᠢᠬᠠᠵᠠᠢ》 ᠭᠡᠤᠨ ᠪᠠᠷᠭᠢᠯ ᠳᠠᠭᠤ ᠪᠠᠷ ᠪᠠᠷᠭᠢᠷᠠᠭᠠᠤᠨ ᠠᠪᠣᠭᠰᠠᠨ ᠴᠢᠨᠢ ᠡᠭᠡᠨᠡᠷ ᠰᠠᠶᠢ ᠨᠣᠢ᠌ᠷ ᠡᠴᠡ ᠰᠡᠷᠭᠦᠵᠤ᠂ ᠳᠤᠭᠤᠭᠠᠨ ᠭᠡᠷ ᠣᠷᠤᠭᠤ ᠪᠠᠨ ᠣᠮ ᠬᠤᠮ ᠦᠭᠡᠶ ᠭᠠᠷᠴᠤ ᠭᠦᠶᠦᠭᠦ ᠶᠤᠮ ᠪᠢᠯᠠ᠃
ᠡ᠄ ᠳᠠᠷᠠ ᠣᠷᠰᠢᠭᠳᠤ ᠭᠡᠢ ᠴᠢᠨᠢ ᠣᠳᠤ ᠶᠠᠭᠠᠭᠢᠵᠤ ᠪᠠᠢ᠌ᠨ᠎ᠠ︖
ᠡᠨ᠄ ᠬᠠᠭᠠᠰ ᠳᠤᠬᠤᠢ ᠵᠠᠪᠳᠤᠭᠤ ᠭᠠᠯ ᠤᠨ ᠰᠤᠷ ᠠᠰ ᠳᠡᠭᠡᠭ᠍ᠰᠢ ᠪᠠᠨ ᠰᠤᠪᠣᠷᠠᠵᠤ ᠯᠠ ᠪᠠᠢ᠌ᠨ᠎ᠠ ᠯᠠᠢ᠃
ᠡ᠄ ᠶᠠᠮᠠᠷ ᠠᠶᠤᠮᠰᠢᠭᠳᠠᠢ ᠪᠣᠢ︖
ᠡᠨ᠄ ᠡᠭᠡᠨᠡᠷ ᠣᠴᠢᠭᠠᠤᠨ ᠯᠤᠩᠬᠤᠨ ᠬᠠᠪᠬᠠᠯᠠᠭᠤᠷ ᠢ ᠨᠢᠭᠡ ᠯᠠ ᠮᠤᠰᠭᠢᠭᠰᠠᠨ ᠴᠢᠨᠢ ᠭᠠᠯ ᠳᠤᠤᠷ᠎ᠠ ᠪᠠᠨ ᠣᠠᠳᠠᠷᠠᠴᠢᠯᠠ᠃
ᠡ᠄ ᠬᠠᠢ︕ ᠳᠠ ᠴᠢᠨᠢ ᠶᠤᠰᠤᠳᠠᠢ ᠢᠳᠠᠰᠢᠨ ᠤ ᠭᠡᠩᠰᠢᠭᠦᠤ᠃ ᠡᠢ᠌ᠮᠤ ᠵᠢᠭᠠᠬᠠᠨ ᠶᠠᠪᠣᠳᠠᠯ ᠢ ᠴᠤ ᠭᠢᠵᠤ ᠳᠡᠢ᠌ᠯᠭᠦ ᠦᠭᠡᠶ ᠭᠡᠳᠡᠭ᠌ ᠴᠢᠨᠢ᠃
ᠡᠨ᠄ ᠡᠭᠦᠨ ᠡᠴᠡ ᠠᠪᠣᠭᠠᠤᠨ ᠪᠢ ᠳᠤᠷᠰᠢᠯᠭ᠎ᠠ ᠰᠤᠷᠭᠠᠮᠵᠢ ᠠᠪᠴᠤ ᠳᠤᠭᠤᠭᠠᠨ ᠭᠡᠷ ᠤᠨ ᠮᠡᠳᠡᠯᠭᠡ ᠰᠤᠷᠬᠤ ᠪᠠᠷ ᠪᠣᠯᠤᠭᠰᠠᠨ᠃
ᠡ᠄ ᠳᠡᠭᠡᠭᠦ ᠨᠢ ᠵᠣᠢ᠌ᠳᠠᠢ᠃ ᠡᠨᠡ ᠮᠡᠷᠭᠡᠵᠢᠯ ᠢ ᠡᠵᠡᠮᠰᠢᠭᠦ ᠴᠢᠨᠢ ᠨᠠᠭᠠᠳᠤ ᠵᠠᠬ᠎ᠠ ᠨᠢ ᠬᠤᠪᠢ ᠪᠠᠶᠠᠨ ᠳᠤ ᠴᠢᠨᠢ ᠠᠰᠢᠭᠳᠠᠢ᠂ ᠳᠠᠭᠢᠭᠠᠤᠨ ᠭᠡᠯᠡᠪᠠᠯ ᠭᠡᠷ ᠪᠦᠯᠢ ᠪᠠᠨ ᠳᠤᠳᠤᠮᠳᠠᠵᠤ᠂ ᠥᠭᠡᠳᠡ ᠳᠠᠳᠠᠵᠤ ᠶᠠᠪᠣᠬᠤ ᠴᠢᠨᠢ ᠡᠭᠡᠨᠡᠷ ᠨᠥᠭᠦᠷ ᠬᠤᠶᠠᠷ ᠭᠦᠮᠤᠨ ᠤ ᠬᠠᠮᠳᠤ ᠪᠠᠷ ᠭᠦᠢᠴᠡᠳᠭᠡᠭᠦ ᠶᠠᠪᠣᠳᠠᠯ᠃ ᠠᠮᠢᠳᠤᠷᠠᠯ ᠭᠡᠳᠡᠭ᠌ ᠴᠢᠨᠢ ᠢᠩᠭᠢᠵᠤ ᠯᠠ ᠬᠠᠷᠢᠯᠴᠠᠨ ᠬᠠᠢ᠌ᠷᠠᠯᠠᠵᠤ ᠬᠠᠯᠠᠮᠵᠢᠯᠠᠬᠤ ᠰᠠᠭᠤᠷᠢ ᠳᠡᠭᠡᠷ᠎ᠡ ᠥᠷᠭᠦᠯᠵᠢᠯᠡᠳᠡᠭ᠌ ᠣᠴᠢᠷᠳᠠᠢ ᠪᠢᠰᠢᠤ ⁉
ᠡᠨ᠄ ᠳᠠᠢ᠌ᠮᠤ ᠡ᠂ ᠣᠳᠤ ᠴᠢᠮ᠎ᠠ ᠰᠢᠭ ᠡᠭᠡᠨᠡᠷ ᠡᠴᠡ ᠪᠠᠨ ᠠᠶᠠᠬᠤ ᠦᠭᠡᠶ ᠯᠠ ᠪᠣᠯᠬᠤ ᠦᠭᠡᠶ ᠪᠣᠯᠵᠠᠢ ᠁
ᠡ᠄ ᠶᠠᠭᠤ ⁉ ᠪᠢ ᠠᠶᠤᠳᠠᠭ ᠡᠷ᠎ᠡ ᠦᠦ⁉ ᠁
ᠵᠤᠬᠢᠶᠠᠭᠴᠢ᠄ ᠳ᠋ᠦ᠋ᠩ ᠴᠢᠩ
ᠢᠷᠡᠯᠲᠡ᠄ ᠳ᠋ᠦ᠋ᠩ ᠴᠢᠩ
ᠬᠠᠷᠢᠶ᠎ᠠ᠄
ᠥᠭᠥᠯᠡᠯᠭᠡᠳᠠᠷᠤᠮ᠄ 10102
ᠴᠠᠭ᠄ 2005 ᠤᠨ ᠤ 11 ᠰᠠᠷ᠎ᠠ ᠶᠢᠨ 23
ᠨᠠᠢ᠌ᠷᠠᠭᠤᠯᠤᠭᠴᠢ᠄ ᠪᠦᠬᠡᠡᠷᠳᠡᠨᠢ