☆ ᠵᠢᠯᠠᠮ·ᠮᠠᠠᠳᠤᠪᠠᠶᠠᠷ
ᠭᠦᠭᠡᠢ ᠶᠢᠨ ᠳᠠᠭᠤᠤ
᠊᠊᠊᠊᠊᠊᠊᠊᠊᠊᠊᠊᠊᠊᠊ ᠳᠠᠭᠤᠨ ᠤ ᠥᠭᠡ
ᠳᠦᠷᠪᠠᠩ ᠳᠦᠷᠪᠠᠩ ᠬᠤᠳᠤᠯᠵᠢᠬᠤ
ᠳᠤᠭᠤᠷᠠᠢ ᠶᠢᠨ ᠴᠢᠮᠡᠭᠡ ᠰᠤᠨᠤᠰᠳᠠᠨ᠎ᠠ᠂
ᠳᠠᠯ᠎ᠠ ᠶᠢᠨ ᠭᠦᠪᠠᠭᠡᠨ ᠤ ᠴᠠᠭᠠᠨ᠎ᠠ ᠡᠴᠡ
ᠳᠤᠭᠤᠰᠤ ᠨᠢ ᠪᠣᠰᠴᠤ ᠬᠠᠷᠠᠭᠳᠠᠨ᠎ᠠ᠂
ᠳᠡᠭᠦᠯᠢᠭᠦ ᠮᠤᠷᠢᠳ ᠤᠨ ᠨᠢᠷᠤᠭᠤᠨ ᠳᠡᠭᠡᠷ᠎ᠡ
ᠳᠤᠭ ᠰᠢᠭ ᠳᠠᠷᠪᠠᠵᠤ ᠬᠠᠷᠠᠭᠳᠠᠬᠤ
ᠳᠤᠷᠭᠠᠨ ᠬᠤᠭᠤᠯᠠᠢ ᠲᠡᠶ ᠬᠡᠦᠬᠡᠳ ᠤᠳ ᠤᠨ
ᠭᠦᠭᠡᠢ ᠶᠢᠨ ᠳᠠᠭᠤᠤ ᠰᠤᠨᠤᠰᠳᠠᠨ᠎ᠠ᠂
ᠴᠤᠮᠪᠤᠨ ᠴᠤᠮᠪᠤᠨ ᠳᠤᠭᠤᠷᠠᠢ ᠡᠴᠡ ᠨᠢ
ᠴᠢᠯᠠᠭᠤ ᠪᠣᠳᠠᠷᠠᠵᠤ ᠪᠣᠰᠤᠨ᠎ᠠ ᠳ᠋ᠤᠤ︕
ᠨᠤᠭᠤᠭᠠᠨ ᠤ ᠰᠤᠷ ᠲᠡᠶ ᠳᠤᠭᠤᠰᠤᠨ ᠡᠴᠡ
ᠨᠤᠮᠤ ᠰᠢᠭ ᠬᠠᠷᠪᠣᠵᠤ ᠬᠠᠷᠠᠭᠳᠠᠨ᠎ᠠ᠂
ᠳᠡᠭᠦᠯᠢᠭᠦ ᠮᠤᠷᠢᠳ ᠤᠨ ᠨᠢᠷᠤᠭᠤᠨ ᠳᠡᠭᠡᠷ᠎ᠡ
ᠳᠤᠭ ᠰᠢᠭ ᠳᠠᠷᠪᠠᠵᠤ ᠬᠠᠷᠠᠭᠳᠠᠬᠤ
ᠳᠤᠷᠭᠠᠨ ᠬᠤᠭᠤᠯᠠᠢ ᠲᠡᠶ ᠬᠡᠦᠬᠡᠳ ᠤᠳ ᠤᠨ
ᠭᠦᠭᠡᠢ ᠶᠢᠨ ᠳᠠᠭᠤᠤ ᠰᠤᠨᠤᠰᠳᠠᠨ᠎ᠠ᠂
ᠰᠤᠮᠤᠨ ᠳᠠᠯ ᠲᠡᠶ ᠭᠦᠯᠦᠭ᠌ ᠤᠳ
ᠰᠠᠯᠭᠢ ᠵᠦᠰᠤᠵᠤ ᠳᠠᠪᠭᠢᠨ᠎ᠠ ᠳ᠋ᠠ︕
ᠰᠣᠢ᠌ᠭᠰᠠᠨ ᠡᠵᠡᠳ ᠨᠢ ᠬᠠᠷᠠᠭᠠᠤᠨ
ᠰᠡᠳᠭᠢᠯ ᠪᠠᠶᠠᠰᠤᠨ ᠳᠠᠪᠠᠯᠵᠢᠨᠠ ᠳ᠋ᠡ︕
ᠲ᠋ᠡᠭᠦᠯᠢᠭᠦ ᠮᠤᠷᠢᠳ ᠤᠨ ᠨᠢᠷᠤᠭᠤᠨ ᠳᠡᠭᠡᠷ᠎ᠡ
ᠲ᠋ᠤᠭ ᠰᠢᠭ ᠳᠠᠷᠪᠠᠵᠤ ᠬᠠᠷᠠᠭᠳᠠᠬᠤ
ᠲ᠋ᠤᠷᠭᠠᠨ ᠬᠤᠭᠤᠯᠠᠢ ᠲᠡᠶ ᠬᠡᠦᠬᠡᠳ ᠤᠳ ᠤᠨ
ᠭᠦᠭᠡᠢ ᠶᠢᠨ ᠳᠠᠭᠤᠤ ᠰᠤᠨᠤᠰᠳᠠᠨ᠎ᠠ᠃
2009.4.3
ᠵᠤᠬᠢᠶᠠᠭᠴᠢ ᠶᠢᠨ ᠬᠠᠶᠢᠭ ᠄ ᠰᠢᠯᠢ ᠶᠢᠨ ᠭᠤᠤᠯ ᠠᠢ᠌ᠮᠠᠭ ᠤᠨ ᠰᠢᠯᠤᠭᠤᠨ ᠭᠦᠭᠡ ᠬᠤᠰᠢᠭᠤ
ᠵᠤᠬᠢᠶᠠᠭᠴᠢ᠄ ᠵᠢᠯᠠᠮ·ᠮᠠᠠᠳᠤᠪᠠᠶᠠᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2637
ᠴᠠᠭ᠄ 2011 ᠤᠨ ᠤ 01 ᠰᠠᠷ᠎ᠠ ᠶᠢᠨ 07
ᠨᠠᠢ᠌ᠷᠠᠭᠤᠯᠤᠭᠴᠢ᠄ ᠪᠦᠬᠡᠡᠷᠳᠡᠨᠢ