ᠨᠡᠪᠲᠡᠷᠡᠨ ᠤᠷᠤᠬᠤ
ᠮᠢᠨᠤ ᠬᠠᠢ᠌ᠷ᠎ᠠ

ᠬᠤᠶᠠᠷ ᠨᠢᠳᠤᠨ ᠡᠴᠠ ᠨᠢᠯᠪᠣᠰᠤᠨ ᠳᠤᠰᠤᠯ ᠪᠦᠮᠪᠦᠷᠢᠨ ᠣᠨᠠᠬᠤ ᠳ᠋ᠤ

ᠬᠤᠩᠭ᠋ᠤᠷ ᠴᠢ ᠮᠢᠨᠢ ᠮᠢᠨᠤ ᠵᠢᠷᠦᠭᠡᠨ ᠳᠤ ᠡᠷᠭᠢᠯᠳᠤᠨ᠎ᠡ ᠭᠡᠳᠡᠭ᠌ ᠢ

ᠬᠤᠷᠸ᠎ᠠ ᠶ‍ᠢᠷᠳᠠᠠᠴᠤ ᠳᠤ ᠨᠠᠳᠠ ᠡᠴᠠ ᠪᠣᠰᠤᠳ ᠥᠭᠡᠷ᠎ᠡ ᠭᠡᠨ ᠨᠠᠮ᠎ᠠ ᠶᠢ ᠣᠢ᠌ᠯᠠᠭᠠᠬᠤ ᠪᠣᠢ


ᠰᠡᠳᠭᠢᠯ ᠵᠢᠷᠦᠭᠡ ᠮᠢᠨᠢ ᠰᠢᠮ ᠰᠢᠮ ᠡᠪᠠᠳᠦᠭᠡᠳ ᠪᠠᠢ᠌ᠳᠠᠭ ᠨᠢ

ᠰᠦᠨ ᠴᠠᠭᠠᠨ ᠬᠠᠢ᠌ᠷ᠎ᠠ ᠶᠢᠨ ᠮᠢᠨᠢ ᠡᠮᠵᠡᠭ᠌ ᠡᠷᠭᠢᠴᠡᠭᠦᠯᠦᠯ

ᠰᠦᠨᠢ ᠶᠢᠨ ᠨᠣᠢ᠌ᠷ ᠮᠢᠨᠢ ᠰᠠᠷ ᠰᠠᠷ ᠬᠤᠯᠵᠢᠭᠠᠤᠨ ᠪᠠᠢ᠌ᠳᠠᠭ ᠨᠢ

ᠰᠠᠢ᠌ᠬᠠᠨ ᠴᠢᠨᠤ ᠮᠢᠨᠤ ᠳᠤᠷᠠᠰᠤᠯ


ᠮᠢᠨᠤ ᠬᠠᠢ᠌ᠷ᠎ᠠ ᠊᠊᠊᠊᠊᠊᠊᠊᠊᠊᠊᠊᠊᠊᠊

    ᠬᠠᠢ᠌ᠯᠬᠤ ᠶᠢ ᠪᠣᠳᠤᠳᠠᠭ ᠥᠭᠡᠢ

    ᠬᠠᠷᠠᠯᠠᠬᠤ ᠢ ᠴᠤ ᠭᠦᠰᠡᠳᠡᠭ᠌

    ᠬᠠᠮᠤᠭ ᠠᠩᠬᠠᠨ ᠤ ᠳᠡᠷᠡᠭᠦ ᠴᠠᠰᠤ ᠯᠠ ᠶᠤᠮ

ᠮᠢᠨᠤ ᠬᠠᠢ᠌ᠷ᠎ᠠ ᠊᠊᠊᠊᠊᠊᠊᠊᠊᠊᠊᠊᠊᠊᠊

    ᠡᠯᠡᠰᠤᠨ ᠳᠤ ᠪᠣᠯᠠᠭᠳᠠᠳᠠᠭ ᠪᠠᠭᠠᠨ᠎ᠠ ᠪᠢᠰᠢ

    ᠣᠰᠤᠨ ᠳᠤ ᠵᠢᠪᠳᠡᠭ᠌ ᠴᠢᠯᠠᠭᠤ ᠪᠢᠰᠢ

    ᠰᠠᠯᠭᠢᠨ ᠳᠤ ᠭᠡᠢ᠌ᠰᠳᠡᠭ᠌ ᠬᠤᠭ ᠴᠤ ᠪᠢᠰᠢ

    ᠬᠠᠷᠢᠨ ᠳᠡᠭ᠍ᠷᠢ ᠳᠤ ᠨᠢᠰᠳᠡᠭ᠌ ᠬᠤᠨ ᠯᠠ ᠶᠤᠮ

ᠮᠢᠨᠤ ᠬᠠᠢ᠌ᠷ᠎ᠠ ᠊᠊᠊᠊᠊᠊᠊᠊᠊᠊᠊᠊᠊᠊᠊

    ᠴᠢᠮ᠎ᠠ ᠪᠠᠨ ᠭᠤᠮᠤᠳᠠᠭ᠎ᠠ ᠥᠭᠡᠢ

    ᠴᠢᠮ᠎ᠠ ᠪᠠᠨ ᠬᠤᠳᠠᠯᠳᠤᠭ᠎ᠠ ᠥᠭᠡᠢ

    ᠬᠠᠷᠢᠨ ᠴᠢᠮ᠎ᠠ ᠶᠢ ᠪᠠᠨ ᠬᠠᠢ᠌ᠷᠠᠯᠠᠭᠰᠠᠭᠠᠷ ᠰᠠᠨᠠᠭᠰᠠᠭᠠᠷ ᠪᠣᠳᠤᠭᠰᠠᠭᠠᠷ ᠪᠠᠢ᠌ᠳᠠᠭ

    ᠬᠤᠷᠸ᠎ᠠ ᠳᠤ ᠬᠠᠮᠤᠭ ᠦᠨᠡᠠᠴᠢ ᠬᠠᠢ᠌ᠷ᠎ᠠ ᠶᠤᠮ


ᠵᠤᠬᠢᠶᠠᠭᠴᠢ ᠶᠢᠨ ᠬᠠ‍‌ᠶᠢᠭ ᠄ ᠣᠩᠨᠢᠭᠤᠳ

ᠵᠤᠬᠢᠶᠠᠭᠴᠢ᠄ ᠭᠢᠯᠪᠠᠭ᠎ᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2634
ᠴᠠᠭ᠄ 2011 ᠤᠨ ᠤ 01 ᠰᠠᠷ᠎ᠠ ᠶᠢᠨ 17
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ