☆ ᠭᠠᠳᠠᠨ
ᠶᠠᠭᠠᠭᠢᠴᠢᠬᠠᠭᠰᠠᠨ ᠶᠤᠮ ᠪᠣᠢ
ᠠᠳᠠᠭ᠎ᠠ ᠪᠠᠷᠢᠵᠤ ᠪᠢᠳᠠ ᠪᠠᠰᠠ ᠨᠢᠭᠡ ᠥᠵᠡᠭᠦᠯᠵᠤ ᠪᠣᠯᠬᠤ ᠦᠭᠡᠶ ᠦᠦ
ᠠᠽᠢᠶ᠎ᠠ ᠧᠥᠷᠦᠫ ᠢ ᠰᠤᠠᠳᠠᠯᠠᠵᠤ ᠡᠵᠡᠯᠡᠭ᠍ᠰᠡᠨ ᠠᠪᠣᠷᠭᠤᠴᠤᠳ ᠪᠠᠢ᠌ᠭᠠᠤᠨ
ᠴᠠᠪᠴᠢᠵᠤ ᠣᠷᠤᠬᠤ ᠳᠤ ᠰᠥᠭᠦᠳᠦᠭ᠍ᠰᠡᠨ ᠣᠷᠤᠰ ᠤᠳ ᠭᠦᠭ᠍ᠵᠢᠵᠤ ᠭᠠᠷᠤᠨ᠎ᠠ
ᠴᠠᠭᠠᠨ ᠭᠡᠷᠡᠮ ᠤᠨ ᠴᠠᠭᠠᠭᠤᠷ ᠨᠤᠳᠤᠭᠳᠠᠨ ᠰᠡᠷᠭᠦᠵᠤ ᠡᠭᠢᠯᠡᠨ᠎ᠡ
ᠶᠠᠪᠠ ᠳᠦᠯᠡᠢ ᠰᠤᠬᠤᠷ ᠶᠢᠡᠷ ᠰᠠᠭᠤᠭᠠᠤᠨ ᠯᠠ ᠪᠠᠢ᠌ᠬᠤ ᠦᠦ
ᠶᠠᠭᠠᠭᠢᠴᠢᠬᠠᠭᠰᠠᠨ ᠪᠣᠢ ᠮᠤᠩᠭ᠋ᠤᠯᠴᠤᠳ ᠮᠢᠨᠢ
ᠣᠮᠤᠭ ᠵᠢᠭᠠᠵᠤ ᠮᠥᠩᠭᠡ ᠭᠠᠯ ᠶᠢᠡᠨ ᠳᠦᠷᠡᠯᠵᠡᠭᠦᠯᠭᠦ ᠨᠢ ᠳᠠᠭᠠᠷᠠᠨ᠎ᠠ
ᠣᠬᠠᠭ᠎ᠠ ᠣᠷᠤᠵᠤ ᠨᠢᠭᠡ ᠶᠢ ᠰᠠᠳᠭᠢᠨ ᠭᠦᠳᠡᠯᠭᠦ ᠨᠢ ᠳᠠᠭᠠᠷᠠᠨ᠎ᠠ
ᠣᠷᠤᠭᠤᠳᠤᠭᠰᠠᠨ ᠳᠡᠦᠭᠡ ᠡᠴᠡ ᠪᠠᠨ ᠪᠣᠴᠠᠵᠤ ᠪᠣᠰᠬᠤ ᠨᠢ ᠳᠠᠭᠠᠷᠠᠨ᠎ᠠ
ᠣᠠᠳᠠᠭᠰᠠᠨ ᠨᠣᠢ᠌ᠷ ᠡᠴᠡ ᠪᠠᠨ ᠣᠳᠤ ᠰᠡᠷᠢᠭᠦ ᠨᠢ ᠳᠠᠭᠠᠷᠠᠨ᠎ᠠ
ᠥᠪᠠᠷᠳᠡᠭᠡᠨ ᠵᠠᠰᠠᠬᠤ ᠣᠷᠤᠨ ᠤ ᠬᠠᠤᠯᠢ ᠦᠨᠡᠨ ᠶᠢᠡᠷ ᠶᠢᠡᠨ ᠪᠣᠢ
ᠡᠪ ᠬᠠᠮᠳᠤ ᠨᠠᠮ ᠤᠨ ᠦᠨᠳᠦᠰᠦᠳᠠᠨ ᠤ ᠪᠣᠳᠤᠯᠭ᠎ᠠ ᠠᠭᠤᠤ ᠪᠠᠷ ᠶᠢᠡᠨ ᠪᠣᠢ
ᠲ᠋ᠤᠤᠭᠠᠷᠬᠤ ᠦᠭᠡᠶ
ᠦᠨᠳᠦᠰᠦᠨ ᠬᠠᠤᠯᠢ ᠶᠢ ᠠᠳᠬᠤᠵᠤ ᠪᠠᠢ᠌ᠭᠠᠤᠨ
ᠬᠠᠷᠢᠭᠤᠴᠠᠬᠤ ᠦᠭᠡᠶ
ᠦᠷ᠎ᠡ ᠬᠣᠢ᠌ᠴᠢᠰ ᠶᠢᠡᠨ ᠪᠣᠳᠤᠵᠤ ᠪᠠᠢ᠌ᠭᠠᠤᠨ
ᠬᠤᠷᠢᠭᠯᠠᠬᠤ ᠦᠭᠡᠶ
ᠥᠷᠦᠭᠡᠯ ᠤᠨ ᠣᠯᠤᠰ ᠢᠷᠡᠭᠡᠳ ᠠᠪᠬᠤ ᠳᠤ
ᠠᠰᠢᠭᠯᠠᠬᠤ ᠦᠭᠡᠶ
ᠥᠷᠭᠦᠯᠵᠢ ᠳᠡᠷᠭᠡᠳᠡ ᠨᠢ ᠰᠠᠭᠤᠵᠤ ᠪᠠᠢ᠌ᠭᠠᠤᠨ
ᠭᠢᠮᠠᠭᠠᠳᠠᠬᠤ ᠦᠭᠡᠶ
ᠦᠨ᠎ᠡ ᠥᠷᠳᠡᠭ᠌ ᠢ ᠨᠢ ᠮᠠᠳᠠᠵᠤ ᠪᠠᠢ᠌ᠭᠠᠤᠨ
ᠬᠠᠮᠠᠭᠠᠯᠠᠬᠤ ᠦᠭᠡᠶ
ᠦᠪᠡᠷ ᠤᠨ ᠶᠠᠭᠤᠮ᠎ᠠ ᠪᠠᠨ ᠬᠠᠷᠠᠵᠤ ᠪᠠᠢ᠌ᠭᠠᠤᠨ
ᠭᠠᠷᠭᠠᠭᠠᠤᠨ ᠭᠠᠷᠭᠠᠭᠠᠤᠨ ᠵᠥᠭᠡᠭᠡᠨ᠎ᠡ
ᠭᠠᠵᠠᠷ ᠡᠴᠡ
ᠨᠤᠷᠠᠭᠠᠤᠨ ᠨᠤᠷᠠᠭᠠᠤᠨ ᠡᠵᠡᠯᠡᠨ᠎ᠡ
ᠨᠤᠳᠤᠭ ᠢ
ᠶᠠᠪᠠ ᠳᠦᠯᠡᠢ ᠰᠤᠬᠤᠷ ᠶᠢᠡᠷ ᠰᠠᠭᠤᠬᠤ ᠳᠤ ᠴᠢᠨᠢ
ᠶᠠᠭᠠᠭᠢᠴᠢᠬᠠᠭᠰᠠᠨ ᠪᠣᠢ ᠮᠤᠩᠭ᠋ᠤᠯᠴᠤᠳ ᠮᠢᠨᠢ
ᠵᠤᠬᠢᠶᠠᠭᠴᠢ᠄ ᠭᠠᠳᠠᠨ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2884
ᠴᠠᠭ᠄ 2009 ᠤᠨ ᠤ 02 ᠰᠠᠷ᠎ᠠ ᠶᠢᠨ 15
ᠨᠠᠢ᠌ᠷᠠᠭᠤᠯᠤᠭᠴᠢ᠄ ᠪᠦᠬᠡᠡᠷᠳᠡᠨᠢ