ᠨᠡᠪᠲᠡᠷᠡᠨ ᠤᠷᠤᠬᠤ
ᠵᠠᠠᠳᠠᠯᠴᠢᠨ ᠮᠠᠳᠤ ᠣᠷᠴᠢᠯᠠᠩ ᠳᠤ ᠦᠨᠦᠳᠤᠷ ᠶᠢᠡᠨ ᠡᠷᠭᠢᠮᠯᠡ

ᠵᠠᠠᠳᠠᠯᠴᠢᠨ ᠮᠠᠳᠤ ᠣᠷᠴᠢᠯᠠᠩ ᠳᠤ

ᠦᠨᠦᠳᠤᠷ ᠶᠢᠡᠨ ᠡᠷᠭᠢᠮᠯᠡ

ᠵᠠᠠᠳᠠᠯᠴᠢᠨ ᠮᠠᠳᠤ ᠣᠷᠴᠢᠯᠠᠩ ᠳᠤ

ᠵᠢᠷᠤᠪᠭᠢᠨ ᠥᠩᠭᠡᠷᠡᠭᠦ ᠭᠦᠮᠤᠨ ᠤ ᠨᠢᠭᠡ ᠨᠠᠰᠤ

ᠵᠢᠷᠤᠭ ᠤᠨ ᠳᠤᠳᠤᠷᠠᠭᠢ ᠴᠡᠴᠡᠭ᠌

ᠰᠢᠯᠦᠭ᠌ ᠤᠨ ᠳᠤᠳᠤᠷᠠᠭᠢ ᠰᠢᠪᠠᠭᠤᠨ ᠳᠤ ᠴᠤ ᠭᠦᠷᠭᠦ ᠦᠭᠡᠶ ᠡ

ᠠᠮᠢᠳᠤ ᠳᠠᠭᠠᠨ ᠳᠠᠷᠠ ᠰᠠᠢ᠌ᠨ ᠭᠦᠮᠤᠨ ᠶᠠᠪᠣᠭᠰᠠᠨ ᠶᠤᠮ ᠡ ᠭᠡᠳᠡᠭ᠌

ᠠᠮᠠ ᠳᠠᠮᠵᠢᠭᠰᠠᠨ ᠭᠡᠳᠦᠭᠡᠨ ᠥᠭᠡᠨ ᠤ ᠰᠠᠯᠭᠢᠨ ᠤ ᠳᠦᠯᠦᠭᠡ

ᠠᠯᠳᠠᠨ ᠨᠠᠷᠠᠨ ᠤ ᠭᠡᠷᠡᠯ ᠢ ᠬᠤᠷᠤᠭᠠᠵᠤ

ᠠᠶ᠎ᠠ ᠵᠢᠷᠭᠠᠬᠤ ᠮᠠᠳᠤ ᠦᠨᠦᠳᠤᠷ ᠶᠢᠡᠨ ᠥᠷᠡᠭᠡᠭᠦ ᠳᠤᠷ᠎ᠠ ᠦᠭᠡᠶ ᠡ

ᠰᠢᠪᠠᠭᠤᠨ ᠤ ᠳᠠᠯᠢ ᠳᠡᠭᠡᠷ᠎ᠡ ᠪᠣᠳᠠᠷᠠᠭᠰᠠᠨ

ᠰᠢᠭᠦᠳᠡᠷᠢ ᠶᠢᠨ ᠮᠥᠭᠦᠯᠢᠭ᠌ ᠮᠠᠳᠤ ᠣᠨ ᠵᠠᠭᠤᠨ

ᠰᠠᠯᠭᠢᠨ ᠤ ᠪᠣᠢ᠌ᠯᠠᠭ᠎ᠠ ᠵᠠᠳᠠᠷᠠᠭᠰᠠᠨ

ᠰᠠᠷᠠᠨ ᠤ ᠮᠥᠷᠦᠭᠡᠳᠦᠯ ᠳᠤ ᠪᠦᠭᠦᠨ᠎ᠡ

ᠥᠭᠦᠯ ᠮᠠᠳᠤ ᠬᠠᠷᠠᠩᠭ᠋ᠤᠢ ᠬᠤᠭᠤᠰᠤᠨ ᠤ ᠳᠦᠯᠦᠭᠡ

ᠠᠮᠢᠳᠤ ᠭᠦᠮᠤᠨ ᠢ ᠪᠢᠳᠡᠭᠡᠢ ᠳᠦᠭᠡᠷᠢᠭᠦᠯ

ᠦᠨᠦᠳᠤᠷ ᠮᠠᠳᠤ ᠬᠤᠪᠢ ᠵᠠᠶᠠᠭᠠᠨ ᠤ ᠴᠤᠯᠪᠣᠭᠤᠷ ᠢ

ᠥᠷᠦᠭᠡᠯ ᠤᠨ ᠵᠢᠷᠭᠠᠯ ᠳᠤ ᠪᠢᠳᠡᠭᠡᠢ ᠭᠦᠳᠦᠯᠦᠭᠦᠯ

ᠨᠠᠷᠠᠨ ᠤ ᠠᠯᠳᠠᠨ ᠳᠤᠶᠠᠭ᠎ᠠ ᠦᠪᠡᠷ ᠢ ᠪᠠᠨ ᠠᠰᠠᠭᠠᠵᠤ ᠪᠠᠢ᠌ᠳᠠᠭ ᠡᠴᠡ

ᠨᠠᠭᠠᠳᠤ ᠳᠡᠯᠡᠭᠡᠢ ᠳᠠᠭᠢᠨ ᠶᠢᠡᠷ ᠶᠢᠡᠨ ᠵᠢᠷᠭᠠᠯ ᠤᠨ ᠡᠯᠴᠢ ᠭᠡᠵᠤ ᠬᠠᠭᠤᠷᠤᠨ᠎ᠠ

ᠨᠠᠪᠴᠢᠨ ᠳᠡᠭᠡᠭᠦᠷ ᠮᠥᠯᠭᠦᠵᠤ ᠢᠷᠡᠭᠦ ᠦᠨᠦᠳᠤᠷ ᠮᠠᠳᠤ ᠨᠢᠭᠡ ᠨᠠᠰᠤ ᠪᠠᠨ

ᠨᠠᠷᠢᠨ ᠣᠬᠠᠭᠠᠨ ᠳᠤ ᠪᠦᠳᠦᠷᠢᠭ᠍ᠰᠡᠨ ᠨᠠᠷᠠ ᠪᠢᠳᠡᠭᠡᠢ ᠪᠣᠯᠭ᠎ᠠ

ᠡᠪᠠᠰᠤᠨ ᠰᠢᠭᠦᠳᠡᠷᠢ ᠬᠤᠷᠤᠮᠬᠠᠨ᠎ᠠ ᠬᠠᠳᠠᠳᠠᠭ ᠴᠤ

ᠨᠠᠷᠠ ᠪᠣᠯᠤᠭᠰᠠᠨ ᠵᠢᠷᠭᠠᠯ ᠳᠠᠭᠠᠨ ᠰᠠᠢ᠌ᠬᠠᠨ

ᠡᠴᠦᠰ ᠳᠡᠭᠦᠰᠭᠡᠯ ᠦᠭᠡᠶ ᠬᠤᠭᠤᠰᠤᠨ ᠴᠢᠨᠠᠷ ᠲᠤ

ᠨᠠᠳᠠ ᠲᠤᠬᠢᠶᠠᠭᠰᠠᠨ ᠦᠨᠦᠳᠤᠷ ᠯᠠ ᠡᠷᠭᠢᠮ ᠡ

ᠵᠤᠬᠢᠶᠠᠭᠴᠢ᠄ ᠭ·ᠮᠥᠩᠭᠡᠳᠡᠯᠭᠡᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2686
ᠴᠠᠭ᠄ 2009 ᠤᠨ ᠤ 03 ᠰᠠᠷ᠎ᠠ ᠶᠢᠨ 28
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ