ᠨᠡᠪᠲᠡᠷᠡᠨ ᠤᠷᠤᠬᠤ
ᠡᠴᠦᠰ ᠤᠨ ᠰᠠᠷᠠᠯ

ᠰᠦᠯᠳᠡ ᠨᠢ ᠪᠠᠭᠤᠷᠠᠭᠰᠠᠨ ᠮᠠᠠᠵᠤ ᠬᠠᠭᠠᠨ ᠤ ᠬᠤᠤᠷ ᠨᠢ ᠪᠣᠴᠠᠯᠵᠤ

ᠰᠦᠷᠦᠭ᠌ ᠶᠢᠡᠨ ᠠᠳᠤᠭᠤᠯᠤᠭᠰᠠᠨ ᠮᠤᠩᠭ᠋ᠤᠯ ᠣᠷᠤᠨ ᠢ ᠳᠠᠯᠭᠢᠳᠠᠯ᠎ᠠ

ᠰᠦᠨᠤᠮᠠᠷ ᠪᠣᠯᠤᠭᠰᠠᠨ ᠳᠠᠢ᠌ᠴᠢᠩ ᠭᠦᠷᠤᠨ ᠶᠢᠡᠨ ᠲᠡᠳᠬᠦᠭᠦ ᠪᠠᠷ

ᠱᠤᠯᠤᠮ ᠱᠥᠭᠯᠡᠭ᠍ᠰᠡᠨ ᠵᠢᠰᠤᠷ ᠪᠣᠳᠤᠯᠭ᠎ᠠ ᠰᠠᠳᠤᠵᠤ ᠶᠠᠪᠣᠭᠤᠯᠤᠯ᠎ᠠ

ᠢᠷᠭᠡᠨ ᠢ ᠰᠢᠯᠵᠢᠭᠦᠯᠵᠤ ᠭᠢᠵᠠᠭᠠᠷ ᠶᠢᠡᠨ ᠪᠠᠭᠢᠵᠢᠭᠦᠯᠤᠨ᠎ᠡ

ᠶᠡᠭᠡ ᠪᠠᠷ ᠭᠠᠵᠠᠷ ᠬᠠᠭᠠᠯᠪᠣᠷᠢᠯᠠᠵᠤ ᠭᠦᠮᠦᠷᠭᠡ ᠪᠠᠨ ᠳᠦᠭᠦᠷᠭᠡᠨ᠎ᠡ

ᠭᠠᠵᠠᠷ ᠳᠤᠤᠷ᠎ᠠ ᠨᠢ ᠡᠷᠳᠡᠨᠢ ᠪᠠᠷ ᠳᠦᠭᠦᠷᠡᠩ ᠮᠤᠩᠭ᠋ᠤᠯ ᠣᠷᠤᠨ

ᠭᠠᠯᠳᠤ ᠠᠭᠤᠯᠠ ᠦᠶᠡᠷ ᠣᠰᠤᠳᠤᠯ ᠦᠭᠡᠶ ᠠᠮᠤᠭᠤᠯᠠᠩ ᠣᠷᠤᠨ

ᠭᠠᠩᠭ᠋ᠠᠩ ᠪᠠᠢ᠌ᠭᠠᠯᠢ ᠨᠢ ᠣᠩᠭ᠋ᠤᠨ ᠶᠢᠡᠷ ᠶᠢᠡᠨ ᠥᠵᠡᠰᠭᠦᠯᠡᠩᠳᠤ ᠣᠷᠤᠨ

ᠭᠠᠯᠪᠠ ᠳᠡᠯᠡᠭᠡᠢ ᠳᠤ ᠳ᠋ᠸᠪᠠᠵᠠᠨ ᠠᠳᠠᠯᠢ ᠵᠢᠷᠭᠠᠯᠳᠤ ᠣᠷᠤᠨ

ᠪᠣᠭᠤᠷᠤᠯ ᠬᠠᠩᠭ᠋ᠠᠢ ᠶᠢᠨ ᠪᠣᠶᠠᠨ ᠭᠡᠰᠢᠭ᠌ ᠪᠠᠢ᠌ᠬᠤ ᠯᠠ ᠭᠡᠨ᠎ᠡ

ᠪᠣᠭᠤ ᠰᠤᠭᠤ ᠠᠩ ᠭᠦᠷᠦᠭᠡ ᠶᠢ ᠨᠢ ᠠᠯᠠᠵᠤ ᠠᠪᠠᠯᠠᠵᠠᠭ᠎ᠠ

ᠪᠣᠷᠬᠠᠨ ᠱᠠᠰᠢᠨ ᠳᠤ ᠮᠤᠩᠬᠠᠷᠠᠭᠰᠠᠨ ᠮᠤᠩᠭ᠋ᠤᠯᠴᠤᠳ ᠨᠤᠮᠤᠢ

ᠫᠣᠤ ᠵᠡᠪᠰᠡᠭ᠌ ᠦᠭᠡᠶ ᠮᠠᠯᠴᠢᠳ ᠭᠠᠷ ᠬᠤᠭᠤᠰᠤᠨ ᠳᠠᠢ᠌ᠪᠣᠩ

ᠪᠣᠭᠤᠮᠳᠠ ᠶᠢᠨ ᠳᠤᠳᠤᠷ᠎ᠠ ᠡᠴᠡ ᠪᠣᠮ ᠲᠦᠮᠡᠨ ᠭᠢᠳᠠᠤᠨ ᠢ ᠣᠷᠢᠶᠠᠯᠠᠯ᠎ᠠ

ᠪᠣᠷᠤᠭᠠᠨ ᠴᠢᠤᠠᠬᠤᠯᠠᠨ ᠰᠢᠷᠤᠢ ᠭᠡᠢ᠌ᠰᠭᠦ ᠰᠢᠭ᠌ ᠭᠦᠮᠦᠰ ᠢᠷᠡᠵᠡᠭᠡᠯ᠎ᠡ

ᠬᠤᠮᠤᠷᠭ᠎ᠠ ᠶᠢᠨ ᠳᠠᠯᠠᠪᠠᠢ ᠡᠴᠡ ᠬᠤᠯᠠ ᠶᠢᠨ ᠱᠦᠷᠭᠡᠢ ᠠᠮᠠ ᠭᠦᠷᠳᠡᠯ᠎ᠡ

ᠥᠨᠡᠭᠡᠨ ᠳᠠᠪᠠᠭᠠᠨ ᠡᠴᠡ ᠦᠷᠦᠭᠡᠰᠤᠨ ᠴᠢᠯᠠᠭᠤᠨ ᠠᠮᠠ ᠭᠦᠷᠳᠡᠯ᠎ᠡ

ᠦᠷᠭᠡᠨ ᠠᠭᠤᠳᠠᠮ ᠨᠤᠳᠤᠭ ᠲᠡᠶ ᠴᠠᠬᠠᠷ ᠨᠢ᠋ᠮᠠᠨ ᠬᠤᠰᠢᠭᠤᠨ ᠳ᠋ᠤ

ᠡᠷᠦᠭᠡ ᠭᠡᠷ ᠤᠨ ᠭᠢᠨᠢ ᠡᠭᠦᠳᠡ ᠦᠨᠢᠶ᠎ᠡ ᠳᠤᠭᠤᠯ ᠤᠨ ᠭᠢᠨᠢ ᠪᠠᠯᠴᠢᠭᠡᠷ ᠢ

ᠦᠢ᠌ ᠲᠦᠮᠡᠨ ᠠᠠᠵᠢᠰᠤ ᠦᠪᠴᠢ ᠳᠤ ᠨᠢ ᠬᠠᠭᠠᠯᠪᠣᠷᠢᠯᠠᠵᠤ ᠬᠠᠶᠠᠯ᠎ᠠ

ᠠᠭᠤᠯᠠ ᠣᠰᠤ ᠶᠢ ᠨᠢ ᠣᠬᠤᠵᠤ᠂   ᠠᠭᠤᠷᠬᠠᠢ ᠮᠠᠯᠳᠠᠵᠤ ᠡᠭᠢᠯᠡᠯ᠎ᠡ

ᠮᠠᠯ ᠳᠠᠷᠢᠶᠠᠯᠠᠩ ᠭᠠᠵᠠᠷ ᠪᠣᠯᠢᠶᠠᠯᠳᠤᠨ ᠵᠦᠷᠢᠴᠠᠯ ᠮᠦᠷᠭᠦᠯᠳᠦᠭᠡᠨ ᠪᠣᠯᠤᠯ᠎ᠠ

ᠮᠠᠯᠴᠢᠨ ᠠᠷᠠᠤᠨ ᠶᠤᠰᠤ ᠡᠷᠢᠵᠤ ᠵᠠᠷᠭᠤ ᠵᠠᠭᠠᠯᠳᠤᠭᠠᠨ ᠪᠣᠯᠤᠯ᠎ᠠ

《ᠳᠡᠨᠡᠭ᠌ ᠮᠤᠩᠭ᠋ᠤᠯᠴᠤᠳ ᠴᠥᠭᠡᠨ ᠠᠳᠠᠯ᠎ᠠ ᠳᠠᠳᠤᠢ ᠶᠡᠭᠡ ᠭᠠᠵᠠᠷ ᠳᠠᠢ

ᠳᠡᠭᠡᠭᠡᠳ ᠪᠠᠰᠠ ᠴᠢᠳᠠᠯ ᠶᠢᠡᠨ ᠮᠡᠳᠡᠭᠦ ᠦᠭᠡᠶ ᠬᠠᠷᠠᠮᠨᠠᠬᠤ ᠳᠤᠷᠠᠳᠠᠢ︕》

ᠳᠡᠭᠡᠳᠤ ᠳᠡᠭ᠍ᠷᠢ ᠶᠢᠨ ᠵᠠᠷᠯᠢᠭ ᠢ ᠳᠠᠭᠠᠬᠤ ᠭᠡᠷᠡᠭ᠍ᠳᠡᠢ ᠭᠡᠨ᠎ᠡ

ᠳᠡᠭᠡᠳᠦᠰ ᠤᠨ ᠴᠢᠨᠢ ᠨᠤᠳᠤᠭ ᠪᠣᠯᠤᠭᠰᠠᠨ ᠴᠤ ᠵᠠᠢ᠌ᠯᠠᠬᠤ ᠭᠡᠷᠡᠭ᠍ᠳᠡᠢ ᠭᠡᠨ᠎ᠡ

ᠳᠡᠭᠡᠷᠡᠩᠭᠦᠢ ᠵᠠᠠᠳᠠᠯᠴᠢᠨ ᠴᠡᠷᠢᠭ᠌ ᠤᠨ ᠡᠷᠭᠡᠳᠡᠨ ᠵᠡᠪᠰᠡᠭ᠌ ᠶᠢᠡᠷ ᠠᠶᠤᠯᠭᠠᠨ᠎ᠠ

ᠳᠡᠭᠡᠷᠡᠮ ᠳᠤᠨᠤᠭᠤᠯ ᠴᠠᠭᠠᠴᠢᠳ ᠪᠦᠯᠦᠭᠯᠡᠨ ᠮᠤᠩᠭ᠋ᠤᠯ ᠢ ᠭᠢᠳᠤᠨ᠎ᠠ

ᠮᠠᠢᠭ ᠭᠦᠯ ᠲᠡᠶ ᠮᠠᠢ᠌ᠵᠢᠭᠢ ᠭᠤᠳᠤᠯ ᠲᠡᠶ ᠮᠤᠩᠭ᠋ᠤᠯᠴᠤᠳ ᠳᠤᠳᠠᠭᠠᠯ᠎ᠠ

ᠮᠠᠯ ᠶᠢᠡᠨ ᠳᠡᠭᠦᠵᠤ᠂   ᠲ᠋ᠡᠷᠭᠡ ᠪᠠᠨ ᠭᠡᠯᠢᠵᠤ ᠵᠡᠭᠦᠡᠰᠢ ᠵᠥᠭᠯᠡᠯ᠎ᠡ

ᠠᠷᠪᠠᠨ ᠬᠠᠷ᠎ᠠ ᠨᠢᠭᠦᠯ ᠶᠢᠡᠷ ᠠᠵᠢᠯ ᠶᠢᠡᠨ ᠪᠣᠯᠭᠠᠭᠰᠠᠨ ᠳᠡᠷᠰᠭᠦᠤᠨ ᠡᠴᠠ

ᠠᠢ᠌ᠯ ᠭᠦᠮᠤᠨ ᠠᠳᠤᠭᠤ ᠮᠠᠯ ᠶᠢᠡᠨ ᠬᠤᠯᠠᠬᠠᠨ ᠵᠠᠢ᠌ᠯᠠᠭᠤᠯᠤᠶ᠎ᠠ ᠭᠡᠵᠤ

ᠠᠩᠭ᠋ᠠᠯ ᠴᠠᠩᠭ᠋ᠠᠯ ᠨᠠᠭᠤᠷ ᠲᠠᠭᠠᠨ ᠠᠷᠠᠢ ᠭᠡᠵᠤ ᠭᠦᠯ ᠳᠤᠭᠳᠠᠳᠠᠯ᠎ᠠ

ᠠᠭᠤᠳᠠᠮ ᠴᠠᠬᠠᠷ ᠨᠤᠳᠤᠭ ᠤᠨ ᠭᠤᠤᠯ ᠦᠷᠤᠴᠠᠨ ᠳᠤ ᠰᠢᠬᠠᠭᠳᠠᠯ᠎ᠠ

ᠬᠤᠷᠢᠨ ᠵᠢᠯ ᠪᠣᠯᠤᠭᠰᠠᠨ ᠦᠭᠡᠶ ᠬᠣᠢ᠌ᠨ᠎ᠠ ᠡᠴᠠ ᠠᠶᠤᠯ ᠨᠦᠮᠦᠷᠴᠦ

ᠬᠤᠵᠢᠭᠢᠷ ᠵᠢᠶᠠᠩ ᠤᠨ ᠳᠦᠷᠤ ᠳᠤ ᠪᠠᠢ᠌ᠳᠠᠯ ᠣᠯᠠᠮ ᠮᠠᠭᠤᠳᠠᠯ᠎ᠠ

ᠬᠤᠯᠪᠣᠭ᠎ᠠ ᠭᠤᠷᠪᠠᠨ ᠴᠠᠭᠠᠨ ᠨᠠᠭᠤᠷ᠂   ᠬᠤᠯᠠᠨ ᠳᠠᠭᠢ ᠶᠢᠨ ᠵᠡᠭᠡᠷ᠎ᠡ

ᠬᠤᠯᠠ ᠶᠢᠨ ᠳᠠᠢ᠌ᠭ᠎ᠠ ᠨᠠᠭᠤᠷ ᠬᠤᠩᠬᠠᠢ ᠡᠯᠡᠰᠤ ᠪᠠᠨ ᠠᠯᠳᠠᠯ᠎ᠠ

ᠳᠦᠷᠦᠭ᠍ᠰᠡᠨ ᠨᠤᠳᠤᠭ ᠶᠢᠡᠨ ᠬᠠᠶᠠᠭᠠᠤᠨ ᠮᠠᠯᠴᠢᠳ ᠵᠡᠭᠦᠡᠰᠢ ᠵᠠᠢ᠌ᠯᠠᠯ᠎ᠠ

ᠳᠦᠷᠢᠮᠡᠭᠡᠢ ᠢᠷᠭᠡᠳ ᠰᠠᠮᠠᠭᠤᠷᠠᠵᠤ᠂   ᠣᠯᠠᠮ ᠣᠯᠠᠮ ᠳᠠᠪᠰᠢᠭᠤᠷᠠᠯ᠎ᠠ

ᠳᠦᠷᠤ ᠶᠢᠨ ᠲᠦᠯᠦᠭᠡ ᠣᠭᠤᠳᠤᠨ᠎ᠠ ᠪᠣᠭᠤᠮᠢᠯᠠᠵᠤ ᠥᠭᠦᠪᠡ ᠭᠡᠳᠡᠭ᠍ᠴᠢᠯᠡᠨ

ᠳᠦᠪᠠᠭ᠌ ᠦᠭᠡᠶ ᠳᠡᠭ᠍ᠷᠢ ᠶᠢᠨ ᠨᠤᠬᠠᠢ ᠨᠤᠳᠤᠭ ᠶᠢᠡᠨ ᠰᠠᠭᠢᠵᠠᠢ

ᠦᠨᠦᠴᠢᠨ ᠰᠦᠮ᠎ᠡ ᠦᠨᠳᠦᠷ ᠣᠪᠣᠭ᠎ᠠ ᠨᠢ ᠣᠢ᠌ᠤᠠᠬᠠᠷᠳᠠᠢ ᠦᠯᠠᠳᠠᠨ᠎ᠡ

ᠦᠩ ᠰᠢᠮᠡᠯᠢᠭ᠌ ᠨᠤᠳᠤᠭ ᠤᠨ ᠦᠷᠤᠴᠠ ᠶᠢ ᠣᠯᠠᠭᠠᠨ ᠶᠢᠡᠷ ᠡᠷᠭᠢᠭᠦᠯᠵᠡᠢ

ᠪᠣᠶᠠᠠᠳᠤ ᠨᠤᠳᠤᠭ ᠤᠨ ᠡᠭᠢ ᠪᠠᠶᠠᠯᠢᠭ ᠢ ᠨᠥᠮᠵᠦᠭ᠌ ᠦᠭᠡᠶ ᠳᠤᠨᠤᠨ᠎ᠠ

ᠪᠣᠭᠤ ᠰᠤᠭᠤ ᠠᠷᠭᠠᠯᠢ ᠶᠠᠩᠭᠢᠷ ᠢ ᠭᠦᠢᠰᠤ ᠳᠠᠮᠳᠠᠷᠢᠨ ᠠᠯᠠᠨ᠎ᠠ

ᠶᠠᠭᠤᠮ᠎ᠠ ᠪᠦᠭᠦᠨ ᠳᠤ ᠬᠠᠷᠠᠳᠠᠢ ᠡᠳᠡᠭᠡᠷ ᠬᠤᠶᠠᠷ ᠭᠦᠯᠳᠡᠨ ᠢ

ᠶᠠᠷᠢ ᠶ‍ᠢᠰᠤᠨ ᠳᠡᠭ᠍ᠷᠢ ᠶᠢᠨ ᠭᠦᠭᠡ ᠨᠤᠬᠠᠢ ᠰᠢᠪᠠᠭᠡᠯᠡᠨ ᠳᠠᠭᠠᠷᠢᠵᠤ ᠪᠢᠯᠠ

ᠶᠠᠷᠤᠨᠢ ᠣᠷᠤᠰᠢᠨ ᠠᠮᠢᠳᠤᠷᠠᠬᠤ ᠶᠢᠨ ᠲᠦᠯᠦᠭᠡ ᠣᠷᠤᠨ ᠵᠠᠢ ᠪᠣᠯᠢᠶᠠᠯᠳᠤᠨ

ᠶᠠᠰᠤ ᠬᠠᠳᠠᠭᠤ ᠳᠠᠯᠳᠤ ᠳᠤᠯᠪᠣᠳᠤ ᠭᠦᠭᠡ ᠰᠠᠷᠠᠯ ᠬᠤᠯᠪᠣᠭᠠᠯᠠᠵᠠᠢ

ᠡᠯᠵᠢᠭᠡ ᠯᠠᠭᠤᠰᠠ ᠭᠠᠬᠠᠢ ᠳᠠᠭᠢᠶ᠎ᠠ ᠭᠡᠳ ᠰᠤᠨᠢᠨ ᠠᠮᠢᠳᠠᠨ ᠢᠯᠠᠷᠠᠯ᠎ᠠ

ᠡᠮᠡᠰ ᠭᠡᠦᠭᠡᠨ ᠨᠢ ᠰᠢᠪᠠᠭᠤᠨ ᠭᠦᠯᠳᠡᠢ ᠪᠠᠬ᠎ᠠ ᠰᠢᠭ ᠦᠷᠠᠵᠢᠨ᠎ᠡ

ᠡᠷ᠎ᠡ ᠡᠮ᠎ᠡ ᠦᠭᠡᠶ ᠢᠯᠵᠠᠷᠠᠭᠰᠠᠨ ᠨᠤᠭᠤᠭᠠᠨ ᠤ ᠦᠨᠦᠷ ᠳᠠᠢ

ᠡᠵᠡᠷᠭᠡᠭ᠌ ᠡᠳᠡᠭᠡᠷ ᠠᠮᠢᠳᠠᠨ ᠶᠢᠡᠷ ᠰᠠᠷᠠᠯ ᠬᠤᠭᠤᠯᠠᠯᠠᠬᠤ ᠪᠣᠯᠪᠠ

ᠭᠠᠢ᠌ᠬᠠᠯ ᠰᠠᠷᠠᠯ ᠤᠨ ᠰᠦᠷᠦᠭ᠌ ᠭᠠᠮᠰᠢᠭ ᠠᠶᠤᠯ ᠪᠣᠯᠤᠯ᠎ᠠ

ᠭᠠᠵᠠᠷ ᠤᠨ ᠡᠵᠡᠳ ᠠᠳᠠᠷ ᠬᠠᠭᠠᠯᠪᠣᠷᠢᠯᠠᠭᠴᠢᠳ ᠭᠦᠴᠤᠨ ᠮᠡᠭᠦᠰᠳᠡᠯ᠎ᠡ

ᠭᠠᠮᠢᠩ ᠴᠡᠷᠢᠭ᠌ ᠨᠢ ᠳᠤᠰᠠᠯᠠᠷ᠎ᠠ ᠢᠷᠠᠵᠤ ᠭᠠᠯ ᠨᠡᠭᠡᠭᠡᠯ᠎ᠡ

ᠭᠠᠢ ᠪᠣᠯᠤᠭᠰᠠᠨ ᠰᠠᠷᠠᠯ ᠢ ᠣᠰᠠᠳᠬᠠᠵᠤ ᠴᠢᠳᠠᠭᠰᠠᠨ ᠥᠭᠡᠢ

ᠭᠤᠴᠢ ᠳᠦᠴᠢᠨ ᠵᠢᠯ ᠰᠠᠷᠠᠯ ᠤᠳ ᠣᠯᠠᠢ᠌ᠷᠠᠨ ᠳᠠᠮᠠᠴᠠᠯ ᠭᠢᠯ᠎ᠠ

ᠭᠤᠷᠪᠠᠨ ᠳᠦᠷᠤ ᠶᠢᠨ ᠨᠢᠭᠤᠷ ᠢ ᠡᠴᠦᠰ ᠤᠨ ᠰᠠᠷᠠᠯ ᠦᠵᠡᠯ᠎ᠠ

ᠭᠤᠤᠯ ᠨᠢ ᠵᠡᠪᠰᠡᠭ᠌ ᠤᠨ ᠬᠤᠷᠴᠠ ᠭᠦᠮᠤᠨ ᠤ ᠠᠷᠭ᠎ᠠ ᠭᠡᠴᠡᠭᠦᠤ

ᠭᠤᠯᠤᠮᠳᠠ ᠪᠠᠷ ᠶᠢᠡᠨ ᠰᠠᠷᠠᠯ ᠡᠨᠡ ᠨᠤᠳᠤᠭ ᠡᠴᠡ ᠠᠷᠢᠯᠤᠯ᠎ᠠ

ᠬᠤᠭᠤᠰᠤᠨ ᠳᠠᠷᠢᠶᠠᠨ ᠱᠠᠩ ᠡᠴᠡ ᠭᠦᠨᠡᠰᠤ ᠣᠯᠬᠤ ᠭᠦᠴᠢᠷ

ᠭᠦᠭ᠍ᠰᠢᠨ ᠵᠥᠨᠦᠭ᠌ ᠰᠠᠷᠠᠯ ᠤᠨ ᠭᠦᠯ ᠨᠢ ᠶᠠᠷᠤ ᠨᠢ ᠳᠤᠭᠤᠯᠠᠩ

ᠭᠦᠭᠡ ᠳᠡᠭ᠍ᠷᠢ ᠢ ᠰᠢᠷᠳᠠᠨ ᠰᠠᠷᠠᠯ ᠭᠤᠨᠢᠭᠳᠠᠢ᠌ᠬᠠᠨ ᠣᠯᠢᠨ᠎ᠠ

ᠬᠤᠶᠠᠷ ᠭᠦᠯᠳᠡᠨ ᠢ ᠵᠠᠨᠤᠵᠤ ᠬᠤᠷᠤᠰᠤᠯᠳᠠᠢ᠌ᠬᠠᠨ ᠱᠤᠭᠰᠢᠨ᠎ᠠ

ᠦᠨᠳᠦᠷ ᠣᠪᠣᠭᠠᠨ ᠤ ᠪᠠᠨ ᠣᠷᠭᠢᠯ ᠳᠤ ᠵᠤᠷᠰᠢᠯ ᠶᠤᠰᠤᠭᠠᠷ ᠭᠠᠷᠤᠯ᠎ᠠ

ᠥᠮᠦᠭ᠌ ᠳᠦᠰᠢᠭ᠌ ᠣᠪᠣᠭ᠎ᠠ ᠶᠢ ᠨᠢ ᠰᠢᠨᠡᠭᠡᠨ ᠨᠡᠭᠦᠯᠭᠡᠭ᠍ᠰᠡᠨ ᠪᠠᠢ᠌ᠯ᠎ᠠ

ᠦᠴᠢᠨᠡᠭᠡᠨ ᠵᠢᠯ ᠤᠨ ᠳᠠᠷᠠᠭ᠎ᠠ ᠮᠠᠯᠴᠢᠳ ᠬᠤᠯᠠ ᠡᠴᠡ ᠢᠷᠡᠭᠡᠳ

ᠦᠨᠡᠨ ᠰᠥᠵᠢᠭ᠍ᠳᠤ   《ᠪᠦᠳᠦᠭᠡᠯ》   ᠵᠢᠡᠨ ᠨᠤᠳᠤᠭ ᠲᠠᠭᠠᠨ ᠠᠪᠠᠴᠢᠵᠠᠢ

ᠦᠷᠦᠭᠡᠰᠤᠨ ᠨᠢᠳᠤ ᠨᠢ ᠰᠤᠬᠤᠷ ᠴᠤ ᠥᠨᠦᠷᠯᠡᠭᠦ ᠴᠢᠳᠠᠪᠣᠷᠢ ᠪᠠᠷ ᠵᠢᠠᠨ

ᠣᠯᠠᠨ ᠣᠳᠠᠭᠠᠨ ᠤ ᠳᠡᠮᠡᠴᠡᠭᠡᠨ ᠳᠤ ᠪᠠᠷᠰ ᠪᠣᠯᠤᠭᠰᠠᠨ ᠰᠠᠷᠠᠯ

ᠦᠷᠡᠭ᠍ᠳᠡᠵᠤ ᠰᠣᠢ᠌ᠤᠠᠴᠤ ᠶᠠᠪᠣᠭᠰᠠᠨ ᠢᠵᠢᠯᠢ ᠣᠯᠠᠨ ᠶᠢᠡᠨ ᠥᠭᠡᠢ᠌ᠯᠡᠭᠦ ᠳ᠋ᠤ

ᠦᠢ᠌ ᠣᠯᠠᠨ ᠳᠠᠢ᠌ᠰᠤᠩᠨᠠᠭᠴᠢ ᠡᠴᠡ ᠦᠰᠢᠶ᠎ᠡ ᠪᠠᠨ ᠴᠠᠳᠳᠠᠯ᠎ᠠ ᠠᠪᠣᠭᠰᠠᠨ

ᠥᠯᠢᠭᠡᠷ ᠳᠡᠦᠭᠡᠳᠤ ᠨᠤᠳᠤᠭ ᠡᠴᠡ ᠪᠠᠨ ᠭᠡᠨᠡᠳᠲᠡ ᠬᠤᠯᠠᠳᠠᠬᠤ ᠶᠢ ᠰᠠᠨᠠᠯ᠎ᠠ

ᠦᠳᠦ ᠪᠠᠳᠠᠭᠠᠨ᠎ᠠ ᠰᠢᠭ ᠰᠢᠪᠠᠭᠠᠷᠠᠯᠳᠤᠭᠰᠠᠨ ᠬᠤᠶᠠᠷ ᠭᠦᠯᠳᠡᠨ

ᠥᠭᠦᠭᠡᠷ ᠤᠨ ᠣᠯᠠᠨ ᠪᠣᠯᠠᠰᠢ ᠦᠨᠡᠰᠤ ᠬᠤᠭ ᠳᠤᠰᠬᠤᠨ ᠨᠤᠭᠤᠳ

ᠣᠳᠤᠭ᠎ᠠ ᠳᠤᠭᠤᠰᠤ ᠳᠡᠭ᠍ᠷᠢ ᠳᠤ ᠳᠤᠯᠵᠤ ᠣᠷᠴᠢᠨ ᠳᠤᠭᠤᠷᠢᠨ ᠪᠣᠭᠢᠷᠳᠠᠵᠠᠢ

ᠠᠶᠠᠨ ᠤ ᠭᠦᠮᠤᠨ ᠤ ᠮᠦᠷ ᠢ ᠦᠨᠦᠷᠯᠠᠨ ᠭᠦᠭ᠍ᠰᠢᠨ ᠰᠠᠷᠠᠯ ᠱᠤᠭᠰᠢᠯ᠎ᠠ

ᠠᠯᠵᠢᠶᠠᠯ ᠶᠠᠳᠠᠷᠠᠯ ᠭᠡᠳᠦᠷᠡᠵᠤ ᠳᠠᠮᠢᠷ ᠳᠡᠩᠭᠡᠭᠡ ᠪᠠᠨ ᠪᠠᠷᠠᠪᠠᠢ

ᠠᠢ᠌ᠯ ᠤᠨ ᠪᠠᠷ᠎ᠠ ᠥᠵᠡᠭᠡᠳ ᠪᠣᠳᠠᠨ ᠤ ᠨᠦᠮᠦᠷᠢ ᠳᠤ ᠭᠡᠪᠳᠡᠭᠦ ᠳ᠋ᠤ

ᠠᠷᠭᠠᠯ ᠤᠨ ᠣᠳᠤᠭ᠎ᠠ ᠦᠨᠦᠷᠳᠤᠨ ᠡᠡᠱᠢᠭᠦᠢ ᠰᠠᠢ᠌ᠬᠠᠨ ᠰᠠᠨᠠᠭᠳᠠᠪᠠ

ᠠᠭᠠᠭᠢᠮ᠎ᠠ ᠵᠠᠯᠠᠭᠤ ᠨᠠᠰᠤᠨ ᠳᠠᠭᠠᠨ ᠠᠩᠬᠠᠨ ᠤ ᠳᠤᠷᠠᠯᠠᠯ ᠢ ᠮᠠᠳᠠᠷᠠᠵᠤ

ᠠᠪᠠᠢ ᠭᠤᠸ᠎ᠠ ᠥᠯᠦᠭ᠍ᠴᠢᠨ ᠶᠢᠡᠨ ᠠᠶᠠᠰᠠᠨ ᠨᠠᠯᠠᠵᠤ ᠵᠤᠭᠰᠤᠬᠤ ᠳ᠋ᠤ

ᠣᠷᠤᠭᠠᠨ ᠤ ᠬᠤᠭᠤᠴᠠᠭᠠᠨ ᠤ ᠰᠠᠷᠠᠯ ᠤᠳ ᠣᠠᠴᠠ ᠭᠦᠭ᠍ᠵᠢᠯᠳᠡᠢ ᠪᠠᠢ᠌ᠯ᠎ᠠ

ᠣᠯᠠᠨ ᠪᠣᠯᠠᠭ ᠣᠷᠤᠭᠤ ᠣᠷᠤᠳᠠᠯ᠎ᠠ ᠣᠰᠤᠯ ᠬᠠᠷᠭᠤᠵᠤ ᠪᠦᠭ‍ᠬᠦᠯᠳᠡ ᠳᠤ ᠣᠴᠠᠷᠠᠪᠠ

ᠰᠦᠷᠦᠭ᠌ ᠤᠨ ᠳᠡᠷᠢᠭᠦᠨ ᠥᠯᠦᠭ᠍ᠴᠢᠨ ᠰᠠᠷᠠᠯ ᠰᠤᠮᠤᠨ ᠳᠤ ᠣᠨᠠᠯ᠎ᠠ

ᠰᠦᠰᠦᠳᠠᠢ ᠰᠠᠷᠠᠯ ᠤᠳ ᠴᠢᠰᠤ ᠥᠵᠡᠭᠡᠳ ᠭᠠᠯᠵᠠᠭᠤᠷᠠᠯ᠎ᠠ

ᠰᠤᠮᠤᠨ ᠮᠦᠨᠳᠤᠷ ᠭᠠᠯᠳᠤ ᠵᠡᠪᠰᠡᠭ᠌ ᠤᠨ ᠭᠠᠯᠯᠠᠯᠳᠠ ᠡᠴᠡ ᠠᠶᠤᠬᠤ ᠦᠭᠡᠶ ᠪᠠᠷ

ᠰᠦᠷᠦᠭ᠌ ᠰᠠᠷᠠᠯ ᠭᠠᠮᠢᠩ ᠴᠡᠷᠢᠭ᠌ ᠢ ᠰᠢᠪᠳᠤ ᠳᠠᠭᠠᠷᠢᠨ ᠣᠷᠤᠯ᠎ᠠ

ᠳᠤᠭ᠎ᠠ ᠭᠡᠮᠵᠢᠶ᠎ᠡ ᠪᠠᠷ ᠬᠤᠶᠠᠷ ᠭᠦᠯᠳᠡᠨ ᠨᠢ ᠳᠠᠪᠣ ᠳᠠᠭᠢᠨ ᠣᠯᠠᠨ ᠪᠠᠢ᠌ᠯ᠎ᠠ

ᠳᠤᠩ ᠴᠤ ᠰᠢ᠌ᠳᠮᠡᠭ᠌ ᠶᠢᠡᠷ ᠳᠡᠭ᠍ᠷᠢ ᠶᠢᠨ ᠨᠤᠬᠠᠤᠨ ᠨᠢᠳᠠᠷ ᠶᠢᠡᠨ ᠬᠠᠮᠠᠭᠠᠯᠠᠪᠠ

ᠳᠤᠯᠤᠭᠠᠨ ᠭᠠᠮᠢᠩ ᠤᠨ ᠪᠠᠭᠠᠯᠵᠤᠤᠷ ᠢ ᠳᠠᠰᠤᠳᠠᠵᠤ ᠠᠮᠵᠢᠳᠠᠯ᠎ᠠ

ᠳᠤᠯᠤᠭᠠᠢ ᠨᠢᠰ ᠭᠡᠳ ᠳᠤᠳᠤᠷ ᠬᠠᠷᠠᠯᠠᠭᠠᠤᠨ ᠪᠢ ᠣᠨᠠᠴᠢᠬᠠᠯ᠎ᠠ

   《ᠮᠠᠯ ᠤᠨ ᠬᠣᠢ᠌ᠨ᠎ᠠ ᠡᠴᠠ ᠮᠤᠩᠭ᠋ᠤᠯ ᠶᠢᠡᠨ ᠳᠠᠭᠠᠬᠤ ᠦᠭᠡᠶ ᠮᠠᠭᠤ ᠴᠢᠨᠤᠳ ᠤᠨ

ᠮᠢᠬ᠎ᠠ ᠶᠢ ᠨᠢ ᠢᠳᠠᠵᠤ᠂   ᠶᠠᠰᠤ ᠶᠢ ᠨᠢ ᠪᠠᠯᠪᠠᠴᠢᠵᠤ ᠦᠰᠢᠶ᠎ᠡ ᠪᠠᠨ ᠡᠡᠪᠦᠨ᠎ᠡ》   ᠭᠡᠵᠤ

ᠬᠤᠶᠠᠷ ᠭᠦᠯᠳᠡᠨ ᠡᠴᠠ ᠭᠤᠷᠪᠠᠬᠠᠨ ᠥᠯᠡᠳᠡᠭᠡᠳ ᠶᠠᠩᠰᠢᠭᠰᠠᠭᠠᠷ ᠨᠠᠰᠢᠯᠠᠨ᠎ᠠ

ᠬᠤᠪᠳᠤᠭ ᠰᠠᠷᠠᠯ ᠡᠴᠠ ᠪᠢ ᠥᠯᠡᠳᠡᠭᠡᠳ ᠬᠣᠢ᠌ᠳᠤ ᠭᠦᠯ ᠮᠢᠨᠢ ᠬᠤᠭᠤᠷᠠᠵᠠᠢ

ᠡᠷᠭᠢᠨ ᠳᠤᠭᠤᠷᠢᠨ ᠳᠤ ᠡᠷᠡᠯᠭᠡᠭ᠌ ᠬᠠᠨᠢᠳ ᠮᠢᠨᠢ ᠦᠷᠡᠭ᠍ᠳᠡᠭ᠍ᠰᠡᠨ ᠪᠠᠢ᠌ᠪᠠ

ᠡᠵᠡᠷᠭᠡᠭ᠌ ᠳᠡᠭᠡᠷᠡᠮ ᠤᠳ ᠴᠤ ᠣᠠᠳᠤᠢ ᠰᠤᠠᠳᠤᠢ ᠳᠠᠷ᠎ᠠ ᠪᠣᠯᠤᠭᠰᠠᠨ ᠪᠠᠢ᠌ᠯ᠎ᠠ

ᠡᠨᠡᠦᠭᠡᠨ ᠮᠦᠴᠡ ᠳᠤ ᠪᠢ ᠦᠰᠦᠷᠴᠤ ᠭᠤᠷᠪᠠᠨ ᠳᠠᠢ᠌ᠰᠤᠨ ᠢ ᠰᠡᠭᠯᠡᠯ᠎ᠡ

ᠡᠭᠦᠨ ᠡᠴᠠ ᠬᠣᠢ᠌ᠰᠢ ᠴᠤ ᠥᠭᠦᠵᠤ ᠰᠡᠭᠡᠭᠦ ᠳᠠᠮᠠᠴᠠᠯ ᠭᠢᠯ᠎ᠠ

ᠵᠡᠭᠦᠳᠤ ᠦᠨᠡᠨ ᠬᠤᠶᠠᠷ ᠤᠨ ᠳᠤᠮᠳᠠ ᠭᠦᠭ᠍ᠰᠢᠨ ᠰᠠᠷᠠᠯ ᠵᠡᠭᠦᠷᠮᠡᠭᠯᠡᠨ᠎ᠡ

ᠵᠡᠭᠦᠡᠰᠢ ᠪᠣᠴᠠᠬᠤ ᠠᠶᠠᠨ ᠤ ᠭᠢᠨᠢ ᠡᠴᠦᠰ ᠤᠨ ᠪᠠᠭᠤᠳᠠᠯ ᠡ᠊ᠨᠳᠡ ᠪᠠᠢ᠌ᠯ᠎ᠠ

ᠠᠯᠳᠠᠨ ᠨᠠᠷᠠ ᠮᠠᠠᠳᠤᠭᠠᠤᠨ ᠳᠠᠷᠠᠭ᠎ᠠ ᠦᠷᠯᠦᠭᠡ ᠨᠢ ᠪᠣᠯᠬᠤ ᠳ᠋ᠤ

ᠠᠮᠢᠳᠠᠨ ᠭᠦᠮᠤᠨ ᠤ ᠬᠠᠷᠠᠭᠠᠨ ᠳᠤ ᠭᠦᠭ᠍ᠰᠢᠨ ᠰᠠᠷᠠᠯ ᠢᠯᠠᠷᠠᠪᠠᠢ

ᠠᠯᠤᠰ ᠤᠨ ᠳᠠᠷᠢᠶᠠᠨ ᠳᠤ ᠠᠪᠣ ᠲᠡᠶ ᠳᠠᠷᠵᠠ ᠣᠯᠵᠤ ᠰᠤᠨᠤᠰᠤᠭᠠᠤᠨ

ᠠᠢ᠌ᠬᠤᠪᠳᠤᠷ ᠮᠤᠨᠠ ᠳᠠᠯᠠᠢ᠌ᠭᠰᠠᠭᠠᠷ ᠠᠢ᠌ᠯ ᠤᠨ ᠣᠯᠠᠨ ᠢ ᠳᠠᠭᠤᠳᠠᠪᠠ

ᠠᠷᠪᠠ ᠬᠤᠷᠢᠨ ᠭᠦᠮᠤᠨ ᠭᠦᠷᠵᠡ ᠪᠣᠯᠤᠤ ᠪᠠᠷ ᠴᠤᠭᠢᠭᠰᠠᠭᠠᠷ

ᠠᠷᠠᠭ᠎ᠠ ᠰᠢᠳᠤ ᠦᠭᠡᠶ ᠰᠠᠷᠠᠯ ᠢ ᠠᠮᠠᠷᠬᠠᠨ ᠠᠯᠠᠵᠤ ᠣᠷᠭᠢᠵᠠᠢ

《ᠬᠤᠨᠢ ᠪᠠᠨ ᠥᠰᠭᠡᠭᠦ ᠶᠢᠨ ᠲᠦᠯᠦᠭᠡ ᠬᠤᠤᠷᠳᠤ ᠴᠢᠨ᠋ᠸ᠎ᠠ ᠲᠡᠶ ᠳᠡᠮᠡᠴᠡᠭᠦ ᠳ᠋ᠡᠭᠡᠨ

ᠬᠠᠭᠤᠴᠢᠨ ᠤ ᠥᠯᠢᠭᠡᠷ ᠤᠨ ᠡᠤ ᠰᠦᠩ ᠰᠢᠭ᠌ ᠬᠤᠭᠤᠰᠤᠨ ᠨᠢᠳᠤᠷᠭ᠎ᠠ ᠪᠠᠷ ᠠᠯᠠᠪᠠᠢ》

ᠬᠤᠨᠢᠴᠢᠨ ᠰᠦᠷᠦᠭ᠌ ᠤᠨ ᠨᠤᠶᠠᠨ ᠳᠠᠭᠠᠨ ᠳᠠᠷᠵᠠ ᠭᠠᠪᠢᠶ᠎ᠠ ᠮᠡᠳᠡᠭᠦᠯᠦᠭᠡᠳ

ᠬᠤᠯᠠ ᠤᠢ᠌ᠷ᠎ᠡ ᠳᠤ ᠮᠠᠠᠳᠤᠭᠰᠠᠨ ᠰᠦᠷᠳᠠᠢ 《ᠪᠠᠭᠠᠳᠤᠷ》 ᠪᠣᠯᠪᠠᠢ᠃

                    


ᠵᠤᠬᠢᠶᠠᠭᠴᠢ ᠶᠢᠨ ᠬᠠ‍‌ᠶᠢᠭ ᠄ ᠰᠢᠯᠤᠭᠤᠨ ᠭᠦᠭᠡ

ᠵᠤᠬᠢᠶᠠᠭᠴᠢ᠄ ᠰ·ᠰᠠᠴᠠᠠᠪᠠᠭᠠᠳᠤᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2637
ᠴᠠᠭ᠄ 2011 ᠤᠨ ᠤ 01 ᠰᠠᠷ᠎ᠠ ᠶᠢᠨ 08
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ