ᠨᠡᠪᠲᠡᠷᠡᠨ ᠤᠷᠤᠬᠤ
ᠮᠦᠩᠬᠡ ᠲᠡᠭᠷᠢ ᠶᠢᠨ ᠠᠷᠪᠠᠨ ᠭᠤᠷᠪᠠᠨ ᠴᠠᠭᠠᠨ ᠴᠠᠭᠠᠵᠠ ᠤᠷᠤᠰᠢᠪᠠᠢ

ᠨᠢᠭᠡ᠂ ᠮᠥᠩᠭᠡ ᠳᠡᠭ᠍ᠷᠢ ᠶᠢ ᠪᠢᠰᠢᠷᠠᠨ ᠵᠠᠬ᠎ᠠ ᠪᠠᠷᠢᠨ ᠵᠠᠯᠪᠢᠷᠠᠬᠤ᠃

ᠬᠤᠶᠠᠷ᠂ ᠶᠡᠭᠡ ᠰᠤᠤ ᠵᠠᠯᠢ ᠶᠢᠨ ᠢᠪᠠᠭᠡᠯ ᠢ ᠰᠢᠳᠦᠭᠦ᠃ (ᠶᠡᠭᠡ ᠰᠤᠤ ᠵᠠᠯᠢ ᠶᠢᠨ ᠢᠪᠠᠭᠡᠯ ᠭᠡᠳᠡᠭ᠌ ᠪᠣᠯ ᠴᠢᠩᠭᠢᠰ ᠬᠠᠭᠠᠨ ᠤ ᠰᠦᠷ ᠰᠦᠯᠳᠡ ᠳᠤ ᠳᠠᠭᠠᠤᠠᠬᠠᠬᠤ ᠶᠤᠰᠤᠨ ᠪᠣᠯᠠᠢ᠃)

ᠭᠤᠷᠪᠠ᠂ ᠮᠤᠩᠭ᠋ᠤᠯᠴᠤᠳ ᠮᠥᠩᠭᠡ ᠳᠡᠭ᠍ᠷᠢ ᠡᠴᠡ ᠵᠠᠶᠠᠭᠠᠭᠳᠠᠭᠰᠠᠨ ᠭᠡᠭᠦ᠃

ᠳᠦᠷᠪᠡ᠂ ᠪᠣᠷᠬᠠᠨ ᠬᠠᠯᠳᠤᠨ ᠠᠭᠤᠯᠠ ᠶᠢ ᠥᠷᠯᠦᠭᠡ ᠪᠦᠷᠢ ᠮᠢᠯᠢᠶᠠᠬᠤ᠂ ᠡᠳᠦᠷ ᠪᠦᠷᠢ ᠥᠴᠢᠭᠦ᠃

ᠳᠠᠪᠣ᠂ ᠭᠦᠮᠤᠨ ᠠᠬ᠎ᠠ ᠲᠡᠶ᠂ ᠳᠠᠪᠠᠯ ᠵᠠᠬ᠎ᠠ ᠲᠡᠶ ᠪᠠᠢ᠌ᠬᠤ᠃ (1᠂ ᠠᠯᠢᠪᠠ ᠶᠠᠭᠤᠮᠠᠰ ᠥᠵᠡᠭ᠍ᠳᠡᠯ ᠤᠨ ᠡᠮᠭᠢ ᠴᠡᠭ᠍ᠴᠢ ᠳᠢᠭ᠌ ᠵᠢᠷᠤᠮ 2᠂ ᠣᠯᠤᠰ ᠦᠨᠳᠦᠰᠦᠳᠠᠨ᠂ ᠬᠠᠮᠳᠤ ᠣᠯᠠᠨ ᠤ ᠨᠢᠭᠡᠳᠦᠭ᠍ᠰᠡᠨ ᠣᠳᠤᠷᠢᠳᠤᠯᠭ᠎ᠠ)

ᠵᠢᠷᠭᠤᠭ᠎ᠠ᠂ ᠠᠯᠳᠠ ᠪᠠᠶᠠᠰ ᠠᠬᠤᠢ ᠲᠦᠷᠦ᠂ ᠪᠦᠳᠤᠨ ᠪᠠᠶᠠᠰ ᠪᠦᠷᠢᠨ ᠣᠯᠤᠰ ᠶᠢᠡᠨ ᠪᠣᠳᠤᠬᠤ᠃ (1᠂ ᠠᠬᠤᠢ ᠲᠦᠷᠦ ᠪᠣᠶᠤ ᠲᠦᠷᠦ ᠣᠯᠤᠰ 2᠂ ᠪᠦᠷᠢᠨ ᠣᠯᠤᠰ ᠪᠣᠶᠤ ᠲᠦᠷᠦ ᠶᠢᠨ ᠢᠷᠭᠡᠨ)

ᠳᠤᠯᠤᠭ᠎ᠠ᠂ ᠡᠶ᠎ᠡ ᠡᠪ ᠶᠢᠠᠨ ᠭᠢᠴᠢᠶᠡᠭᠦ᠃ (1᠂ ᠣᠯᠤᠰ ᠦᠨᠳᠦᠰᠦᠳᠠᠨ ᠤ ᠡᠪ ᠨᠢᠭᠡᠳᠦᠯ 2᠂ ᠬᠠᠮᠳᠤ ᠣᠯᠠᠨ᠂ ᠨᠠᠢ᠌ᠵᠠ ᠨᠥᠭᠦᠤᠨ ᠤᠨ ᠡᠶ᠎ᠡ ᠡᠪ)

ᠨᠢ᠋ᠮᠠ᠂ ᠵᠦᠪ ᠰᠠᠤᠠᠭᠢᠯ ᠲᠡᠶ ᠪᠠᠢ᠌ᠬᠤ᠃ (1᠂ ᠮᠠᠭᠤ ᠰᠠᠤᠠᠭᠢᠪᠠᠰᠤ ᠳᠡᠭ᠍ᠷᠢ ᠳᠤ ᠳᠠᠭᠠᠯᠠᠭᠳᠠᠬᠤ 2᠂ ᠭᠠᠭᠴᠠ ᠰᠠᠤᠠᠭᠢᠯ᠂ ᠪᠦᠭᠦ ᠰᠠᠤᠠᠭᠢᠯ)

ᠶ‍ᠢᠰᠤ᠂ ᠪᠢᠯᠢᠭ᠌ ᠡᠷᠳᠡᠮ ᠢ ᠳᠡᠭᠡᠳᠦᠯᠡᠭᠦ᠃ (ᠪᠢᠯᠢᠭ᠌᠂ ᠡᠷᠳᠡᠮ᠂ ᠰᠠᠴᠠᠨ)

ᠠᠷᠪᠠ᠂ ᠭᠡᠷ ᠤᠨ ᠭᠡᠯᠭᠢᠶ᠎ᠡ ᠶᠢ ᠦᠯᠦ ᠡᠪᠳᠡᠭᠦ᠃ (1᠂ ᠬᠠᠷᠢ ᠭᠦᠮᠤᠨ ᠲᠡᠶ ᠦᠯᠦ ᠭᠡᠷᠯᠡᠭᠦ 2᠂ ᠬᠤᠶᠠᠷ ᠰᠤᠶᠤᠯ ᠳᠤ ᠦᠯᠦ ᠠᠪᠳᠠᠬᠤ 3᠂ ᠬᠠᠷᠢ ᠱᠠᠰᠢᠨ ᠳᠤ ᠦᠯᠦ ᠣᠷᠤᠬᠤ)

ᠠᠷᠪᠠᠨ ᠨᠢᠭᠡ᠂ ᠨᠤᠭᠤᠨ ᠦᠷ᠎ᠡ ᠨᠤᠳᠤᠭ ᠶᠢᠡᠨ ᠮᠠᠨᠠᠬᠤ᠃ (1᠂ ᠭᠠᠯ ᠭᠤᠯᠤᠮᠳᠠ ᠪᠠᠨ ᠪᠠᠳᠠᠷᠠᠭᠠᠬᠤ 2᠂ ᠨᠤᠳᠤᠭ ᠣᠰᠤ ᠪᠠᠨ ᠬᠠᠮᠠᠭᠠᠯᠠᠬᠤ 3᠂ ᠭᠡᠯᠡ ᠰᠤᠶᠤᠯ ᠶᠢᠡᠨ ᠬᠠᠳᠠᠭᠠᠯᠠᠬᠤ)

ᠠᠷᠪᠠᠨ ᠬᠤᠶᠠᠷ᠂ ᠥᠭᠦᠯᠡᠭ᠍ᠰᠡᠨ ᠶᠢᠡᠨ ᠦᠯᠦ ᠣᠮᠠᠷᠳᠠᠬᠤ (1᠂ ᠭᠡᠯᠡᠭ᠍ᠰᠡᠨ ᠳᠡᠭᠡᠨ ᠭᠦᠷᠭᠦ 2᠂ ᠠᠠᠳᠠᠭᠠᠢ ᠳᠠᠩᠭ᠋ᠠᠷᠢᠭ ᠶᠢᠡᠨ ᠰᠠᠭᠢᠬᠤ)

ᠠᠷᠪᠠᠨ ᠭᠤᠷᠪᠠ᠂ ᠥᠩᠭᠡ ᠳᠠᠷᠠᠰᠤ ᠶᠢ ᠦᠯᠦ ᠭᠡᠳᠦᠷᠡᠭᠦᠯᠭᠦ 1᠂ ᠰᠠᠳᠤᠷ ᠰᠠᠮᠠᠭᠤᠨ ᠢ ᠣᠭᠤᠷᠠᠬᠤ 2᠂ ᠠᠷᠢᠭᠢ ᠳᠠᠷᠠᠰᠤ ᠶᠢ ᠦᠯᠦ ᠭᠡᠳᠦᠷᠡᠭᠦᠯᠭᠦ

ᠰᠤᠤᠳᠤ ᠪᠣᠭᠳᠠ ᠴᠢᠩᠭᠢᠰ ᠬᠠᠭᠠᠨ ᠤ ᠦᠶ᠎ᠡ ᠳᠤ ᠣᠬᠠᠭᠠᠠᠳᠠᠨ ᠰᠠᠴᠠᠨ ᠮᠡᠷᠭᠡᠤᠨ ᠰᠠᠯᠪᠢᠨ ᠬᠤᠯᠪᠤᠨ ᠥᠭᠦᠯᠡᠭ᠍ᠰᠡᠨ ᠢ ᠬᠣᠢ᠌ᠴᠢ ᠦᠶ᠎ᠡ ᠳᠤ ᠬᠠᠤᠯᠢ ᠪᠣᠯᠳᠤᠭᠠᠢ ᠭᠡᠮᠡᠨ ᠡᠳᠦᠭᠡ ᠳᠠᠪᠳᠠᠷ ᠲᠤᠷ ᠪᠢᠴᠢᠪᠠᠢ᠃


ᠢᠷᠡᠯᠲᠡ᠄ ᠥᠭᠡᠯᠡᠳ ᠭᠠᠯᠳᠠᠨ ᠬᠠᠩᠭᠠᠪᠠ
ᠬᠠᠷᠢᠶ᠎ᠠ᠄ ᠮᠤᠩᠭᠤᠯ ᠲᠡᠦᠬᠡ
ᠳᠠᠷᠤᠮ᠄ 7521
ᠴᠠᠭ᠄ 2009 ᠤᠨ ᠤ 05 ᠰᠠᠷ᠎ᠠ ᠶᠢᠨ 04
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ