☆ ᠵᠦᠩ
ᠮᠥᠩᠭᠡ ᠶᠢᠨ ᠳᠠᠪᠢᠯᠠᠩ
ᠨᠠᠮᠢ᠋ᠢ ᠳᠠᠪᠠᠷᠢᠵᠤ ᠥᠰᠭᠡᠭᠦ
ᠡᠵᠢ ᠶᠢᠨ ᠪᠦᠪᠠᠢ
ᠨᠠᠷᠠ ᠪᠠᠨ ᠳᠤᠰᠴᠤ ᠭᠦᠶᠦᠭᠦ
ᠨᠠᠭᠠᠳᠤᠮ ᠤᠨ ᠣᠤᠬᠠᠢ
ᠰᠢᠮ᠎ᠠ ᠶᠢᠨ ᠷᠠᠰᠢᠶᠠᠨ ᠢᠪᠢᠯᠭᠦ
ᠬᠤᠷ᠎ᠠ ᠶᠢᠨ ᠰᠢᠪᠠᠷᠡᠭᠡ
ᠰᠢᠳᠢ ᠶᠢᠨ ᠨᠤᠮ ᠳᠡᠯᠭᠡᠷᠡᠭᠦ
ᠬᠤᠯᠠ ᠶᠢᠨ ᠣᠬᠠᠭ᠎ᠠ
ᠣᠳᠤᠮ ᠵᠠᠯᠭᠠᠵᠤ ᠰᠠᠭᠤᠬᠤ
ᠨᠤᠳᠤᠭ ᠠᠮᠢ
ᠣᠰᠤ ᠪᠠᠨ ᠳᠠᠭᠠᠵᠤ ᠵᠢᠷᠭᠠᠬᠤ
ᠠᠮᠢᠳᠤᠷᠠᠯ ᠬᠠᠢ᠌ᠷ᠎ᠠ
ᠰᠠᠨᠠᠭᠠᠨ ᠳᠤ ᠣᠶᠠᠬᠠᠨ ᠪᠠᠭᠤᠴᠠ
ᠰᠠᠷᠠᠨ ᠳᠤᠤᠯᠢ
ᠰᠠᠯᠤᠭᠠᠤᠨ ᠣᠳᠠᠬᠤ ᠬᠤᠷᠤᠮ
ᠰᠠᠢ᠌ᠬᠠᠨ ᠳᠤᠷᠠᠰᠤᠮᠵᠢ
ᠡᠷᠭᠦᠭᠡᠳ ᠥᠨᠦᠰᠭᠦ ᠦᠷ᠎ᠡ
ᠡᠭᠦᠷᠢᠳᠡ ᠶᠢᠨ ᠠᠮᠢ
ᠥᠪᠯᠡᠭᠡᠳ ᠥᠯᠡᠳᠡᠭᠦ ᠰᠤᠶᠤᠯ
ᠮᠥᠩᠭᠡ ᠶᠢᠨ ᠵᠠᠭᠢᠶ᠎ᠠ
ᠥᠳᠡᠭᠡᠳ ᠬᠤᠴᠤᠷᠬᠤ ᠡᠵᠢ
ᠰᠦᠨ ᠬᠤᠷᠸ᠎ᠠ
ᠡᠯᠭᠦᠭᠡᠳ ᠮᠤᠷᠳᠠᠬᠤ ᠵᠠᠮ
ᠦᠯᠵᠡᠢ ᠮᠦᠷ
ᠠᠭᠤᠵᠢᠮ ᠰᠡᠳᠭᠢᠯᠳᠤ ᠠᠪᠣ
ᠰᠦᠮᠪᠦᠷ ᠠᠭᠤᠯᠠ
ᠣᠴᠢᠷ ᠪᠢᠳᠡᠭᠦᠤ ᠰᠤᠷᠭᠠᠯ
ᠰᠥᠰᠦᠭ᠌ ᠪᠢᠰᠢᠷᠠᠯ
ᠨᠠᠰᠤ ᠪᠠᠨ ᠲᠦᠰᠢᠵᠤ ᠡᠯᠡᠭᠦ
ᠳᠠᠶᠠᠭ ᠤᠨ ᠵᠠᠶᠠᠭ᠎ᠠ
ᠨᠠᠷᠠ ᠪᠠᠨ ᠮᠥᠩᠭᠡᠯᠡᠵᠤ ᠥᠯᠡᠳᠡᠭᠦ
ᠵᠠᠶᠠᠭ ᠤᠨ ᠰᠠᠭᠢᠶ᠎ᠠ᠃
ᠵᠤᠬᠢᠶᠠᠭᠴᠢ ᠶᠢᠨ ᠬᠠᠶᠢᠭ ᠄ ᠣᠩᠨᠢᠭᠤᠳ ᠬᠤᠰᠢᠭᠤᠨ ᠤ ᠬᠠᠢ᠌ᠯᠠᠰᠤ ᠳᠤᠮᠳᠠᠳᠤ ᠰᠤᠷᠭᠠᠭᠤᠯᠢ
ᠵᠤᠬᠢᠶᠠᠭᠴᠢ᠄ ᠵᠦᠩ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2637
ᠴᠠᠭ᠄ 2011 ᠤᠨ ᠤ 02 ᠰᠠᠷ᠎ᠠ ᠶᠢᠨ 07
ᠨᠠᠢ᠌ᠷᠠᠭᠤᠯᠤᠭᠴᠢ᠄ ᠪᠦᠬᠡᠡᠷᠳᠡᠨᠢ