☆ ᠳᠠᠯᠳᠠᠤ
ᠨᠢᠭᠡ ᠦᠶ᠎ᠡ ᠭᠢᠴᠢᠶᠠᠯ ᠤᠨ ᠰᠤᠷᠬᠤ ᠭᠦᠳᠦᠯᠦᠮᠵᠢ
ᠰᠤᠷᠤᠭᠴᠢᠳ ᠲᠤ ᠰᠤᠷᠬᠤ ᠡᠷᠭᠡ ᠶᠢ ᠥᠭ᠍ᠴᠤ᠂ ᠳᠠᠳᠠᠨ ᠢ ᠰᠤᠷᠤᠯᠴᠠᠬᠤ ᠠᠵᠢᠯᠯᠠᠭ᠎ᠠ ᠳᠤ ᠭᠦᠳᠡᠯᠦᠩᠭᠦᠢ ᠪᠠᠷ ᠣᠷᠤᠯᠴᠠᠭᠤᠯᠬᠤ ᠳᠤ ᠶᠠᠭᠤᠨ ᠤ ᠤᠷᠢᠳ ᠳᠤᠭᠢᠷᠠᠮᠵᠢᠳᠠᠢ ᠵᠢᠯᠤᠭᠤᠳᠤᠯᠭ᠎ᠠ ᠪᠠᠢ᠌ᠬᠤ ᠭᠡᠷᠡᠭ᠍ᠳᠡᠢ᠃ ᠢᠩᠭᠢᠭᠦ ᠳᠤ ᠪᠠᠭᠰᠢ ᠭᠡᠯᠡ ᠶᠠᠷᠢᠶ᠎ᠠ ᠪᠠᠷ ᠵᠢᠯᠤᠭᠤᠤᠠᠴᠤ ᠪᠣᠯᠬᠤ ᠡᠴᠠ ᠭᠠᠳᠠᠨ᠎ᠠ ᠰᠤᠷᠬᠤ ᠭᠦᠳᠦᠯᠦᠮᠵᠢ ᠪᠢᠴᠢᠵᠤ ᠵᠢᠯᠤᠭᠤᠤᠠᠬᠤ ᠨᠢ ᠠᠰᠳᠠᠭᠠᠨ ᠨᠢᠭᠡ ᠵᠣᠢ᠌ᠯ ᠤᠨ ᠠᠷᠭ᠎ᠠ ᠠᠪᠴᠠᠯ ᠤᠨ ᠬᠤᠪᠢ ᠪᠠᠷ ᠰᠤᠷᠤᠭᠴᠢᠳ ᠤᠨ ᠰᠤᠷᠬᠤ ᠢᠳᠠᠪᠭᠢᠵᠢᠯ ᠢ ᠳᠠᠢ᠌ᠴᠢᠯᠠᠵᠤ ᠳᠡᠢ᠌ᠯᠳᠡᠭ᠌ ᠭᠡᠳᠡᠭ᠌ ᠢ ᠥᠢᠯᠡᠳᠦᠯᠭᠡ ᠪᠠᠷ ᠳᠠᠮᠵᠢᠨ ᠣᠢ᠌ᠯᠠᠭᠠᠯ᠎ᠠ ᠪᠢ᠃ ᠳᠤᠤᠷ᠎ᠠ ᠨᠢᠭᠡ ᠬᠤᠪᠢ ᠰᠤᠷᠬᠤ ᠭᠦᠳᠦᠯᠦᠮᠵᠢ ᠳᠠᠭᠠᠯᠳᠤᠭᠤᠯᠤᠶᠠ᠄
ᠨᠢᠭᠡ ᠦᠶ᠎ᠡ ᠭᠢᠴᠢᠶᠠᠯ ᠤᠨ ᠰᠤᠷᠬᠤ ᠭᠦᠳᠦᠯᠦᠮᠵᠢ
《ᠮᠢᠨᠤ ᠠᠪᠠᠭ᠎ᠠ ᠯᠶᠦ᠋ᠯᠢ》 (ᠨᠢᠭᠡᠳᠦᠭᠡᠷ ᠦᠶ᠎ᠡ)
ᠰᠤᠷᠬᠤ ᠬᠠᠷᠠᠯᠳᠠ᠄
1. ᠥᠭᠡ ᠰᠤᠷᠤᠨ᠎ᠠ ᠊᠊᠊᠊᠊᠊᠊᠊᠊᠊᠊᠊᠊᠊᠊ ᠭᠢᠯᠪᠠᠷᠬᠠᠨ ᠳᠠᠰᠢᠶ᠎ᠠ ᠣᠩᠰᠢᠳᠠᠭ ᠥᠭᠡ ᠪᠠᠨ ᠪᠠᠷᠢᠮᠵᠢᠶ᠎ᠠ ᠠᠪᠢᠶ᠎ᠠ ᠪᠠᠷ ᠣᠩᠰᠢᠵᠤ ᠰᠤᠷᠤᠨ᠎ᠠ᠃
ᠭᠢᠴᠢᠶᠠᠯ ᠳᠤ ᠪᠠᠢ᠌ᠭ᠎ᠠ ᠵᠢᠭᠡᠯᠡᠭᠡ ᠥᠭᠡ ᠶᠢ ᠵᠦᠪ ᠣᠩᠰᠢᠵᠤ ᠰᠤᠷᠤᠨ᠎ᠠ᠃
ᠭᠢᠴᠢᠶᠠᠯ ᠳᠤ ᠪᠠᠢ᠌ᠭ᠎ᠠ ᠭᠦᠴᠢᠷ ᠥᠭᠡ ᠶᠢ ᠣᠢ᠌ᠯᠠᠭᠠᠵᠤ᠂ ᠭᠡᠷᠡᠭᠯᠡᠵᠤ ᠰᠤᠷᠤᠨ᠎ᠠ᠃
2. ᠣᠩᠰᠢᠬᠤ᠂ ᠪᠢᠴᠢᠭᠦ ᠴᠢᠳᠠᠪᠣᠷᠢ ᠶᠢ ᠭᠤᠤᠯ ᠪᠣᠯᠭᠠᠨ ᠳᠡᠭᠡᠭ᠍ᠰᠢᠯᠡᠭᠦᠯᠭᠦ ᠶᠢᠨ ᠬᠠᠮᠳᠤ ᠬᠤᠷᠢᠶᠠᠩᠭ᠋ᠣᠢ᠌ᠯᠠᠬᠤ᠂ ᠶᠠᠷᠢᠬᠤ᠂ ᠴᠡᠭᠡᠵᠢᠯᠡᠭᠦ ᠪᠣᠯᠪᠠᠰᠤᠷᠠᠯ ᠳᠤ ᠣᠷᠤᠯᠴᠠᠨ᠎ᠠ᠃
ᠣᠷᠢᠤᠠᠴᠢᠯᠠᠨ ᠰᠤᠷᠬᠤ ᠭᠦᠳᠦᠯᠦᠮᠵᠢ᠄
1.ᠦᠭᠭᠦᠭ᠍ᠳᠡᠭ᠍ᠰᠡᠨ ᠮᠠᠲ᠋ᠸᠷᠢᠶᠠᠯ ᠢ ᠣᠩᠰᠢᠵᠤ ᠬᠣᠢ᠌ᠨᠠᠭᠢ ᠱᠠᠭᠠᠷᠳᠠᠯᠭ᠎ᠠ ᠶᠢ ᠭᠦᠴᠤᠨᠭᠡᠭᠡᠷᠡᠢ︕
ᠵᠤᠬᠢᠶᠠᠭᠴᠢ ᠶᠢᠨ ᠳᠤᠬᠠᠢ᠄
ᠮᠠᠤᠫᠠᠰᠰᠠᠨ (1850 ᠊᠊᠊᠊᠊᠊᠊᠊᠊᠊᠊᠊᠊᠊᠊ 1893) ᠪᠣᠯ ᠹᠷᠠᠠᠼᠢ ᠶᠢᠨ ᠰᠢᠭᠦᠮᠵᠢᠯᠡᠯᠳᠤ ᠠᠬᠤᠢ᠌ᠴᠢ ᠦᠵᠡᠯ ᠤᠨ ᠠᠯᠳᠠᠷᠳᠤ ᠵᠤᠬᠢᠶᠠᠯᠴᠢ᠃ ᠳᠡᠯᠡᠭᠡᠢ ᠶᠢᠨ ᠠᠯᠳᠠᠷᠳᠤ ᠭᠤᠷᠪᠠᠨ ᠥᠭᠦᠯᠡᠯᠭᠡ ᠶᠢᠨ ᠵᠤᠬᠢᠶᠠᠯᠴᠢ ᠶᠢᠨ ᠨᠢᠭᠡ᠃ ᠳᠠᠷᠠ1850 ᠣᠨ ᠤ 8 ᠰᠠᠷ᠎ᠠ ᠵᠢᠨ 5 ᠊ᠤ ᠡᠳᠦᠷ ᠹᠷᠠᠠᠼᠢ ᠶᠢᠨ ᠨᠤᠷᠮᠠᠠᠳᠢ ᠮᠤᠵᠢ ᠶᠢᠨ ᠬᠤᠭᠢ ᠢᠵᠠᠭᠤᠷᠳᠠᠨ ᠤ ᠭᠡᠷ ᠲᠤ ᠲᠦᠷᠦᠵᠠᠢ᠃ ᠡᠴᠢᠭᠡ ᠨᠢ ᠠᠷᠠᠯᠵᠢᠶ᠎ᠠ ᠡᠵᠡᠩᠨᠡᠭ᠍ᠴᠢ᠂ ᠡᠭᠡ ᠨᠢ ᠣᠤᠠᠬ᠎ᠠ ᠵᠤᠬᠢᠶᠠᠯ ᠳᠤ ᠳᠤᠩ ᠳᠤᠷ᠎ᠠ ᠪᠠᠬ᠎ᠠ ᠲᠡᠶ ᠭᠦᠮᠤᠨ ᠶᠤᠮ᠃ ᠮᠠᠤᠫᠠᠰᠰᠠᠨ ᠬᠠᠷᠠᠬᠠᠨ ᠪᠠᠭ᠎ᠠ ᠡᠴᠠ ᠪᠠᠨ ᠡᠭᠡ ᠶᠢᠨ ᠶᠢᠡᠨ ᠨᠥᠯᠦᠭᠡ ᠰᠤᠷᠭᠠᠯ ᠶᠢᠡᠷ ᠱᠸᠺᠰᠫᠧᠷ ᠤᠨ ᠵᠥᠴᠦᠭᠡ ᠲᠡᠶ ᠳᠠᠨᠢᠯᠴᠠᠵᠤ ᠢᠳᠡᠭ᠌ ᠢᠳᠡᠭ᠌ ᠶᠢᠡᠷ ᠣᠷᠠᠨ ᠵᠤᠬᠢᠶᠠᠯ ᠳᠤ ᠳᠤᠷ᠎ᠠ ᠪᠠᠬ᠎ᠠ ᠲᠡᠶ ᠪᠣᠯᠪᠠ᠂ ᠳᠡᠭᠡᠭᠡᠳ ᠳᠤᠮᠳᠠᠳᠤ ᠰᠤᠷᠭᠠᠭᠤᠯᠢ ᠡᠴᠠ ᠪᠠᠨ ᠡᠭᠢᠯᠡᠨ ᠰᠢᠯᠦᠭ᠌ ᠵᠤᠬᠢᠶᠠᠯ ᠣᠷᠤᠯᠳᠤᠵᠤ ᠡᠭᠢᠯᠡᠭ᠍ᠰᠡᠨ ᠪᠠᠢ᠌ᠨ᠎ᠠ᠃
ᠳᠤᠮᠳᠠᠳᠤ ᠰᠤᠷᠭᠠᠭᠤᠯᠢ ᠪᠠᠨ ᠳᠡᠭᠦᠰᠦᠭ᠍ᠰᠡᠨ ᠤ ᠳᠠᠷᠠᠭ᠎ᠠ ᠶᠠᠭ ᠫᠷᠦ᠋ᠰᠰᠢ ᠹᠷᠠᠠᠼᠢ ᠶᠢᠨ ᠳᠠᠢ᠌ᠨ ᠡᠭᠦᠰᠦᠭ᠍ᠰᠡᠨ ᠪᠣᠯᠬᠤᠷ ᠳᠠᠷᠠ ᠴᠡᠷᠢᠭ᠌ ᠲᠤ ᠣᠷᠤᠵᠤ᠂ ᠳᠠᠢ᠌ᠨ ᠳᠤ ᠣᠷᠤᠯᠴᠠᠵᠠᠢ᠃ ᠬᠤᠶᠠᠷ ᠵᠢᠯ ᠤᠨ ᠴᠡᠷᠢᠭ᠌ ᠳᠠᠢ᠌ᠨ ᠤ ᠠᠮᠢᠳᠤᠷᠠᠯ ᠡᠴᠠ ᠳᠠᠷᠠ ᠳᠠᠢ᠌ᠨ ᠳᠠᠵᠢᠨ ᠤ ᠠᠶᠤᠯ ᠭᠦᠨᠦᠭᠡᠯ ᠢ ᠳᠠᠨᠢᠵᠤ ᠡᠭᠡ ᠣᠷᠤᠨ ᠤ ᠭᠢᠨᠢ ᠭᠦᠡᠳᠤ ᠭᠠᠮᠰᠢᠭ ᠳᠡᠭᠦᠨ ᠤ ᠡᠭᠡ ᠣᠷᠤᠠᠴᠢ ᠦᠵᠡᠯ ᠰᠠᠨᠠᠭ᠎ᠠ ᠶᠢ ᠰᠡᠩᠭᠡᠷᠡᠭᠦᠯᠦᠭ᠍ᠰᠡᠨ ᠪᠠᠢ᠌ᠨ᠎ᠠ᠃ ᠳᠠᠢ᠌ᠨ ᠤ ᠳᠠᠷᠠᠭ᠎ᠠ ᠮᠠᠤᠫᠠᠰᠰᠠᠨ ᠫᠠᠷᠢᠰ ᠲᠤ ᠣᠴᠢᠵᠤ ᠳᠠᠯᠠᠢ ᠶᠢᠨ ᠴᠡᠷᠢᠭ᠌ ᠤᠨ ᠶᠠᠮᠤᠨ᠂ ᠰᠤᠷᠭᠠᠨ ᠭᠦᠮᠦᠵᠢᠯ ᠤᠨ ᠶᠠᠮᠤᠨ ᠵᠡᠷᠭᠡ ᠵᠠᠰᠠᠭ ᠵᠠᠭᠢᠷᠭᠠᠨ ᠤ ᠰᠠᠯᠠᠭ᠎ᠠ ᠮᠦᠴᠢᠷ ᠲᠤ ᠠᠯᠪᠠ ᠬᠠᠭᠠᠵᠤ ᠪᠠᠢ᠌ᠭᠰᠠᠨ ᠪᠦᠭᠡᠳ ᠣᠤᠠᠬ᠎ᠠ ᠵᠤᠬᠢᠶᠠᠯ ᠤᠨ ᠠᠵᠢᠯ ᠶᠢᠡᠨ ᠡᠭᠢᠯᠡᠭᠦᠯᠦᠭ᠍ᠰᠡᠨ ᠪᠠᠢ᠌ᠵᠠᠢ᠃
1880 ᠣᠨ ᠳᠤ 《ᠥᠭᠡᠭᠦᠨ ᠪᠦᠮᠪᠦᠭᠡ》 ᠭᠡᠮᠡᠭᠦ ᠳᠤᠭᠤᠵᠢ ᠪᠠᠷ ᠶᠢᠡᠨ ᠹᠷᠠᠠᠼᠢ ᠶᠢᠨ ᠣᠤᠠᠬ᠎ᠠ ᠵᠤᠬᠢᠶᠠᠯ ᠤᠨ ᠳᠠᠪᠴᠠᠩ ᠢ ᠳᠤᠷᠭᠢᠭᠤᠯᠵᠠᠢ᠃ ᠳᠡᠭᠦᠨ ᠤ ᠳᠠᠷᠠᠭ᠎ᠠ ᠪᠠᠷ ᠠᠯᠪᠠᠨ ᠠᠵᠢᠯ ᠡᠴᠠ ᠪᠠᠨ ᠰᠠᠯᠵᠤ ᠳᠤᠰᠬᠠᠢ᠌ᠯᠠᠨ ᠵᠤᠬᠢᠶᠠᠨ ᠪᠦᠳᠦᠭᠡᠭᠦ ᠪᠣᠯᠤᠭᠰᠠᠨ ᠪᠠᠢ᠌ᠨ᠎ᠠ᠃ ᠠᠷᠪᠠᠨ ᠵᠢᠯ ᠤᠨ ᠬᠤᠭᠤᠷᠤᠠᠳᠤ ᠳᠠᠷᠠ ᠭᠤᠷᠪᠠᠨ ᠵᠠᠭᠤ ᠭᠠᠷᠤᠢ ᠥᠭᠦᠯᠡᠯᠭᠡ ᠵᠢᠷᠭᠤᠭᠠᠨ ᠷᠤᠮᠠᠨ ᠪᠢᠴᠢᠵᠠᠢ᠃ ᠳᠡᠭᠦᠨ ᠤ ᠮᠠᠰᠢ ᠣᠯᠠᠨ ᠵᠤᠬᠢᠶᠠᠯ ᠪᠦᠳᠦᠭᠡᠯ ᠨᠢ᠂ ᠢᠯᠠᠩᠭ᠋ᠤᠶ᠎ᠠ ᠥᠭᠦᠯᠡᠯᠭᠡ ᠨᠢ ᠥᠷᠭᠡᠨ ᠶᠢᠡᠷ ᠳᠡᠯᠭᠡᠷᠡᠨ ᠳᠠᠷᠬᠠᠵᠤ ᠨᠥᠯᠦᠭᠡ ᠶᠡᠭᠡ ᠲᠡᠶ ᠪᠣᠯᠵᠤ ᠮᠠᠤᠫᠠᠰᠰᠠᠨ ᠨᠢᠭᠡᠨ ᠦᠶ᠎ᠡ ᠶᠢᠨ ᠥᠭᠦᠯᠡᠯᠭᠡ ᠶᠢᠨ ᠳᠠᠷᠬᠠᠨ ᠭᠡᠵᠤ ᠠᠯᠳᠠᠷᠰᠢᠵᠠᠢ᠃ ᠳᠡᠭᠦᠨ ᠤ ᠥᠭᠦᠯᠡᠯᠭᠡ ᠨᠤᠭᠦᠳ ᠨᠢ ᠳᠡᠯᠡᠭᠡᠢ ᠶᠢᠨ ᠣᠤᠠᠬ᠎ᠠ ᠵᠤᠬᠢᠶᠠᠯ ᠤᠨ ᠳᠡᠦᠭᠡᠨ ᠳᠤ ᠴᠢᠬᠤᠯᠠ ᠪᠠᠢ᠌ᠷᠢ ᠶᠢ ᠡᠵᠡᠯᠡᠨ᠎ᠡ᠃
ᠳᠡᠭᠦᠨ ᠤ ᠭᠤᠤᠯ ᠪᠦᠳᠦᠭᠡᠯ ᠳᠤ᠄ 《ᠨᠢᠭᠡ ᠨᠠᠰᠤ》᠂ 《ᠭᠠᠩᠭ᠋ᠠᠩ ᠨᠠᠢ᠌ᠵᠠ》᠂ 《ᠷᠠᠰᠢᠶᠠᠨ》 ᠵᠡᠷᠭᠡ ᠷᠤᠮᠠᠨ᠂ 《ᠰᠤᠠᠳᠤᠷ》 《ᠮᠢᠨᠤ ᠠᠪᠠᠭ᠎ᠠ ᠯᠶᠦ᠋ᠯᠢ》 ᠵᠡᠷᠭᠡ ᠥᠭᠦᠯᠡᠯᠭᠡ ᠳᠤᠭᠤᠵᠢ ᠨᠤᠭᠤᠳ ᠪᠣᠢ᠃ ᠡᠳᠡᠭᠡᠷ ᠵᠤᠬᠢᠶᠠᠯ ᠤᠳ ᠲᠤ ᠪᠠᠨ ᠳᠠᠷᠠ ᠭᠦᠷᠦᠩᠭᠡᠳᠡᠨ ᠠᠩᠭᠢ ᠶᠢᠨ ᠦᠵᠡᠯ ᠰᠠᠨᠠᠭᠠᠨ ᠤ ᠬᠤᠤᠷᠳᠠᠭᠤᠯᠤᠯ ᠳᠤᠤᠷᠠᠭᠢ ᠭᠦᠮᠦᠰ ᠤᠨ ᠣᠶᠤᠨ ᠰᠠᠨᠠᠭᠠᠨ ᠤ ᠳᠤᠷᠣᠢ᠌ᠳᠠᠯ ᠢ ᠠᠳᠠᠯᠢ ᠪᠣᠰᠤ ᠭᠡᠮᠵᠢᠶ᠎ᠡ ᠪᠠᠷ ᠬᠤᠱᠤᠩᠨᠠᠨ ᠳᠠᠭᠠᠷᠢᠵᠤ ᠢᠯᠡᠴᠢᠯᠡᠭ᠍ᠰᠡᠨ ᠶᠤᠮ᠃
(1)ᠲ᠋ᠡᠯᠡᠭᠡᠢ ᠶᠢᠨ ᠥᠭᠦᠯᠡᠯᠭᠡ ᠶᠢᠨ ᠭᠤᠷᠪᠠᠨ ᠳᠠᠷᠬᠠᠨ ᠭᠡᠵᠤ ᠠᠯᠢ ᠠᠯᠢ ᠣᠯᠤᠰ ᠤᠨ ᠭᠡᠨ ᠭᠡᠨ ᠢ ᠭᠡᠯᠡᠳᠡᠭ᠌ ᠪᠣᠢ︖
(2)ᠲ᠋ᠡᠭᠡᠷᠡᠭᠢ ᠰᠡᠢ᠌ᠷᠡᠭᠦᠯᠦᠯ ᠡᠴᠠ ᠭᠤᠤᠯ ᠵᠣᠢ᠌ᠯ ᠭᠡᠵᠤ ᠰᠠᠨᠠᠭᠰᠠᠨ ᠭᠡᠰᠡᠭ᠌ ᠶᠢᠡᠨ ᠵᠢᠷᠤᠵᠤ ᠴᠡᠭᠡᠵᠢᠯᠡᠭᠡᠷᠡᠢ︕
(3)ᠰᠤᠯᠠ ᠴᠠᠭ ᠶᠢᠡᠷ ᠵᠢᠠᠨ ᠮᠠᠤᠫᠠᠰᠰᠠᠨ ᠤ ᠪᠢᠴᠢᠭ᠍ᠰᠡᠨ ᠵᠤᠬᠢᠶᠠᠯ ᠢ ᠡᠷᠢᠵᠤ ᠣᠩᠰᠢᠭᠠᠷᠠᠢ︕
2. ᠳᠤᠤᠷᠠᠭᠢ ᠥᠭᠡᠰ ᠢ ᠵᠦᠪ ᠣᠩᠰᠢᠵᠤ ᠰᠤᠷ᠃
ᠠᠸᠸᠷ ᠊᠊᠊᠊᠊᠊᠊᠊᠊᠊᠊᠊᠊᠊᠊ ᠠ᠊ ᠸᠸᠷ ᠳᠡᠭ᠍ᠰᠢ t ᠳᠦᠷᠢᠮᠠᠯ (tu) ᠭᠦᠯᠭᠡ ᠊᠊᠊᠊᠊᠊᠊᠊᠊᠊᠊᠊᠊᠊᠊ ᠭᠠᠭᠴᠠ᠂ ᠥᠷᠡᠳᠡᠭ᠌ (7)᠂ ᠡᠡᠭᠡ᠂ ᠳᠦᠷᠢᠶᠠᠰᠤᠯᠠᠨ (tu)᠂ ᠹᠢᠯᠢᠫᠫ ᠊᠊᠊᠊᠊᠊᠊᠊᠊᠊᠊᠊᠊᠊᠊ ᠹᠢ᠊ ᠊ᠯᠢᠫᠫ᠂ ᠬᠤᠭᠤᠴᠠᠭᠠᠨ (5)᠂ ᠳ᠋ᠵᠸᠷᠰᠸᠢ ᠊᠊᠊᠊᠊᠊᠊᠊᠊᠊᠊᠊᠊᠊᠊ ᠳ᠋ᠵᠸᠷ ᠊ᠰᠸᠢ᠂ ᠭᠦᠷᠰᠢ (xor)᠂ ᠪᠷᠢᠲ᠋ᠠᠨ ᠊᠊᠊᠊᠊᠊᠊᠊᠊᠊᠊᠊᠊᠊᠊ ᠪᠷᠢ᠊ ᠳᠠᠨ᠂ ᠰᠤᠳᠤᠯᠵᠤ (5) ᠨᠤᠤᠷᠬᠠᠢ (4)᠂ ᠭᠠᠠᠳᠢᠭ (tBg)᠂ ᠿᠦᠰᠸᠹ ᠊᠊᠊᠊᠊᠊᠊᠊᠊᠊᠊᠊᠊᠊᠊ ᠿᠦ᠋ ᠊ᠰᠸᠹ᠂ ᠺᠧᠯᠠᠯᠢᠰ ᠊᠊᠊᠊᠊᠊᠊᠊᠊᠊᠊᠊᠊᠊᠊ ᠺᠧ ᠊ᠯᠠ᠊ ᠊ᠯᠢᠰ᠂ ᠳᠡᠭᠡᠭᠡᠷᠡᠰᠢᠶᠡᠵᠤ (te)᠂ ᠳ᠋ᠠᠷᠮᠠᠨᠰ ᠊᠊᠊᠊᠊᠊᠊᠊᠊᠊᠊᠊᠊᠊᠊ ᠳ᠋ᠠᠷ ᠊ᠮᠠᠨᠰ᠂ ᠳ᠋ᠠᠷᠸᠨᠰ ᠊᠊᠊᠊᠊᠊᠊᠊᠊᠊᠊᠊᠊᠊᠊ ᠳ᠋ᠠ᠊ ᠷᠸᠨᠰ᠂ ᠹᠷᠠᠩᠺ᠂ ᠼᠸᠨᠲ᠋ᠢᠮᠧ ᠊᠊᠊᠊᠊᠊᠊᠊᠊᠊᠊᠊᠊᠊᠊
3.ᠭᠢᠴᠢᠶᠠᠯ ᠶᠢᠡᠨ ᠣᠩᠰᠢᠵᠤ ᠦᠵᠡ᠃ ᠣᠩᠰᠢᠬᠤ ᠶᠢᠨ ᠳᠠᠭᠠᠤ ᠭᠢᠴᠢᠶᠠᠯ ᠳ᠋ᠠᠭᠢ ᠵᠡᠭᠦᠯᠳᠡ ᠳᠠᠢ᠌ᠯᠪᠣᠷᠢ ᠶᠢ ᠣᠢ᠌ᠯᠠᠭᠠᠭᠳᠤᠨ︕ ᠲᠤᠬᠢᠶᠠᠯᠳᠤᠭᠰᠠᠨ ᠭᠦᠴᠢᠷ ᠥᠭᠡ ᠵᠡᠷᠭᠡ ᠪᠠᠨ ᠬᠣᠢ᠌ᠨ᠎ᠠ ᠰᠡᠢ᠌ᠷᠡᠭᠦᠯᠵᠤ᠂ ᠦᠪᠡᠷ ᠤᠨ ᠠᠷᠭ᠎ᠠ ᠪᠠᠷ ᠶᠢᠡᠨ ᠰᠢ᠌ᠤᠠᠪᠣᠷᠢᠯᠠ︕
ᠰᠤᠷᠤᠯᠴᠠᠬᠤ ᠠᠵᠢᠯᠯᠠᠭ᠎ᠠ᠄
ᠨᠢᠭᠡ᠃ ᠭᠢᠴᠢᠶᠡᠯᠯᠡᠭᠦ ᠪᠡᠯᠡᠳᠭᠡᠯ ᠶᠢᠡᠨ ᠪᠠᠢ᠌ᠴᠠᠭᠠᠵᠤ ᠦᠵᠡ᠃
ᠬᠤᠶᠠᠷ᠃ ᠣᠷᠢᠤᠠᠴᠢᠯᠠᠨ ᠰᠤᠷᠤᠭᠰᠠᠨ ᠪᠠᠢ᠌ᠳᠠᠯ ᠢ ᠪᠠᠢ᠌ᠴᠠᠭᠠᠬᠤ᠄
(ᠣᠷᠢᠤᠠᠴᠢᠯᠠᠨ ᠰᠤᠷᠬᠤ ᠭᠦᠳᠦᠯᠦᠮᠵᠢ ᠶᠢᠨ ᠠᠭᠤᠯᠭ᠎ᠠ ᠶᠢ ᠶᠠᠷᠢᠯᠴᠠᠬᠤ)
ᠭᠤᠷᠪᠠ᠃ ᠰᠢᠨ᠎ᠠ ᠠᠭᠤᠯᠭ᠎ᠠ ᠰᠤᠷᠬᠤ᠄ (ᠭᠢᠴᠢᠶᠠᠯ ᠢ ᠭᠡᠰᠡᠭᠯᠡᠨ ᠣᠩᠰᠢᠵᠤ ᠥᠭᠡ ᠰᠤᠷᠬᠤ ᠶᠢᠨ ᠬᠠᠮᠳᠤ᠂ ᠵᠤᠬᠢᠶᠠᠯ ᠢ ᠳᠦᠭᠦᠮ ᠣᠢ᠌ᠯᠠᠭᠠᠶ᠎ᠠ)
1. ᠵᠤᠬᠢᠶᠠᠯ ᠤᠨ ᠡᠭᠢᠨ ᠡᠴᠠ 《ᠥᠷᠭᠦᠯᠵᠢ ᠳᠠᠪᠳᠠᠳᠠᠭ ᠥᠭᠡ ᠪᠠᠨ ᠭᠡᠯᠡᠳᠡᠭ᠌᠃》 ᠭᠦᠷᠭᠦ ᠭᠡᠰᠡᠭ᠌ ᠢ ᠴᠢᠯᠦᠭᠡᠳᠡᠢ ᠣᠩᠰᠢᠭᠠᠷᠠᠢ︕ ᠳᠡᠭᠡᠭᠦ ᠳᠤ ᠪᠠᠨ ᠬᠣᠢ᠌ᠨᠠᠭᠢ ᠬᠤᠶᠠᠷ ᠵᠤᠷᠪᠣᠰ ᠱᠠᠭᠠᠷᠳᠠᠯᠭ᠎ᠠ ᠶᠢ ᠪᠠᠶᠡᠯᠡᠭᠦᠯᠦᠭᠡᠷᠡᠢ᠃
(1)ᠠᠮᠢᠨ ᠳᠡᠵᠢᠭᠡᠯ᠂ ᠬᠤᠷᠬᠠᠭ ᠭᠡᠭᠦ ᠥᠭᠡ ᠶᠢ ᠡᠷᠢᠵᠤ ᠵᠢᠷᠤᠭᠠᠤᠨ ᠣᠤᠠᠬ᠎ᠠ ᠶᠢ ᠨᠢ ᠣᠢ᠌ᠯᠠᠭᠠ᠃
ᠠᠮᠢᠨ ᠳᠡᠵᠢᠭᠡᠯ ᠊᠊᠊᠊᠊᠊᠊᠊᠊᠊᠊᠊᠊᠊᠊
ᠬᠤᠷᠬᠠᠭ ᠊᠊᠊᠊᠊᠊᠊᠊᠊᠊᠊᠊᠊᠊᠊
(2)ᠣᠩᠰᠢᠵᠤ ᠪᠠᠷᠠᠭᠠᠤᠨ ᠪᠠᠶᠡᠯᠡᠭᠦᠯᠦᠭᠡᠷᠡᠢ᠃
《ᠪᠢ》 ᠵᠢᠨ ᠭᠡᠷ ᠤᠨ ᠠᠮᠢᠳᠤᠷᠠᠯ ᠤᠨ ᠪᠠᠢ᠌ᠳᠠᠯ ᠶᠠᠮᠠᠷ ᠪᠣᠢ︖ ᠭᠢᠴᠢᠶᠠᠯ ᠤᠨ ᠥᠭᠡ ᠪᠠᠷ ᠬᠠᠷᠢᠭᠤᠯ᠃
《ᠪᠢ》 ᠵᠢᠨ ᠠᠪᠠᠭ᠎ᠠ ᠯᠶᠦ᠋ᠯᠢ ᠬᠠᠮᠢᠭ᠎ᠠ ᠢᠯᠠᠷᠠᠪᠠ︖
2. ᠳᠠᠪᠳᠠᠷ ᠤᠨ 201 ᠳ᠋ᠦᠭᠡᠷ ᠨᠢᠭᠤᠷ ᠤᠨ 《ᠮᠢᠨᠤ ᠡᠴᠢᠭᠡ ᠶᠢᠨ ᠳᠡᠭᠦᠤ》 ᠊᠊᠊᠊᠊᠊᠊᠊᠊᠊᠊᠊᠊᠊᠊ 205 ᠨᠢᠭᠤᠷ ᠤᠨ 《ᠡᠨᠡ ᠠᠷᠠᠯ ᠳᠡᠭᠡᠷᠡᠭᠢ ᠠᠷᠠᠤᠨ ᠤᠨ ᠠᠵᠤ ᠠᠮᠢᠳᠤᠷᠠᠯ᠂ ᠵᠠᠩ ᠰᠤᠷᠳᠠᠬᠤᠨ ᠢ ᠰᠤᠳᠤᠯᠵᠤ ᠪᠣᠯᠤᠨ᠎ᠠ᠃》 ᠭᠦᠷᠳᠡᠯ᠎ᠡ ᠬᠠᠮᠳᠤ ᠪᠠᠷ ᠣᠩᠰᠢᠬᠤ ᠪᠡᠯᠡᠳᠭᠡᠯ ᠭᠢᠭᠡᠷᠡᠢ᠃ ᠳᠡᠭᠡᠭᠦ ᠳᠤ ᠪᠠᠨ ᠣᠩᠰᠢᠯᠭ᠎ᠠ ᠳᠤᠮᠳᠠ ᠲᠤᠬᠢᠶᠠᠯᠳᠤᠬᠤ ᠣᠢ᠌ᠯᠠᠭᠠᠬᠤ ᠦᠭᠡᠶ ᠥᠭᠡᠰ ᠶᠢᠡᠨ ᠵᠢᠷᠤᠵᠤ ᠳᠠᠯᠪᠢᠭᠠᠷᠠᠢ᠃
(ᠪᠣᠳᠤᠯᠭᠢᠯᠠ᠄ ᠳᠤᠰ ᠭᠡᠰᠡᠭ᠌ ᠲᠤ ᠯᠶᠦ᠋ᠯᠢ ᠢᠯᠠᠷᠠᠪᠠ ᠦᠦ︖ 《ᠪᠢ》 ᠵᠢᠨ ᠠᠪᠣ ᠡᠵᠢ ᠨᠢ ᠯᠶᠦ᠋ᠯᠢ ᠠᠪᠠᠭ᠎ᠠ ᠳᠤ ᠨᠢ ᠶᠠᠮᠠᠷ ᠣᠪᠣᠷ ᠡᠪᠦᠷᠯᠡᠵᠤ ᠪᠠᠢ᠌ᠭ᠎ᠠ ᠪᠣᠢ︖)
3. 《ᠳ᠋ᠵᠸᠷᠰᠸᠢ ᠳᠤ ᠠᠶᠠᠯᠠᠬᠤ ᠶᠠᠪᠣᠳᠠᠯ》 ᠊᠊᠊᠊᠊᠊᠊᠊᠊᠊᠊᠊᠊᠊᠊ ᠳᠡᠭᠦᠰᠳᠡᠯ᠎ᠡ᠂ ᠭᠠᠷ ᠡᠷᠭᠦᠨ ᠣᠩᠰᠢᠯᠭ᠎ᠠ ᠭᠢᠶ᠎ᠠ︕ (ᠨᠥᠭᠦᠤᠨ ᠤᠨ ᠶᠢᠡᠨ ᠣᠩᠰᠢᠯᠭ᠎ᠠ ᠶᠢ ᠭᠢᠨᠠᠵᠤ᠂ ᠠᠮᠵᠢᠯᠳᠠ ᠳᠤᠳᠠᠭᠳᠠᠯ ᠢ ᠨᠢ ᠳᠤᠪᠴᠢᠬᠠᠨ ᠦᠨᠡᠯᠠᠶ᠎ᠠ᠃)
(ᠪᠣᠳᠤᠯᠭᠢᠯᠠ᠄ ᠳᠤᠰ ᠭᠡᠰᠡᠭ᠌ ᠲᠤ 《ᠪᠢ》 ᠵᠢᠨ ᠯᠶᠦ᠋ᠯᠢ ᠠᠪᠠᠭ᠎ᠠ ᠨᠢ ᠢᠯᠠᠷᠠᠪᠠ ᠦᠦ︖ ᠠᠪᠣ ᠡᠵᠢ ᠨᠢ ᠯᠶᠦ᠋ᠯᠢ ᠠᠪᠠᠭ᠎ᠠ ᠳᠤ ᠨᠢ ᠶᠠᠮᠠᠷ ᠣᠪᠣᠷ ᠡᠪᠦᠷᠯᠡᠪᠡ︖)
4. ᠣᠩᠰᠢᠯᠭ᠎ᠠ ᠶᠢᠨ ᠶᠠᠪᠣᠴᠠ ᠳᠤ ᠢᠯᠡᠷᠡᠭ᠍ᠰᠡᠨ ᠭᠦᠴᠢᠷ ᠥᠭᠡ ᠪᠠᠨ ᠬᠠᠮᠵᠢᠯᠴᠠᠨ ᠰᠢ᠌ᠤᠠᠪᠣᠷᠢᠯᠠᠶᠠ︕ (ᠪᠢᠴᠢᠯᠭᠡ ᠶᠢᠨ ᠪᠣᠯᠪᠠᠰᠤᠷᠠᠯ ᠲᠡᠶ ᠬᠠᠪᠰᠤᠷᠭᠠᠨ᠎ᠠ᠃)
ᠳᠦᠷᠪᠡ᠃ ᠪᠠᠳᠤᠤᠠᠬᠠᠨ ᠳᠠᠪᠳᠠᠬᠤ᠄
1. ᠳᠤᠰ ᠭᠢᠴᠢᠶᠠᠯ ᠳᠤ ᠶᠠᠭᠤ ᠰᠤᠷᠤᠭᠰᠠᠨ ᠪᠣᠢ︖ (ᠰᠤᠷᠤᠭᠰᠠᠨ ᠶᠢᠡᠨ ᠡᠷᠭᠢᠴᠡᠭᠦᠯᠤᠨ ᠳᠠᠪᠳᠠᠨ᠎ᠠ) (ᠣᠢ᠌ᠯᠠᠭᠠᠭᠰᠠᠨ ᠭᠢᠷᠢ ᠪᠠᠷ ᠶᠢᠡᠨ ᠳᠡᠮᠳᠡᠭᠯᠡᠯ ᠭᠢᠭᠦ )
2᠂ 《ᠪᠢ》 ᠵᠢᠨ ᠠᠪᠣ ᠡᠵᠢ ᠶᠢᠨ ᠠᠪᠠᠭ᠎ᠠ ᠯᠶᠦ᠋ᠯᠢ ᠳᠤ ᠨᠢ ᠠᠪᠣᠭᠰᠠᠨ ᠣᠪᠣᠷ ᠤᠨ ᠬᠤᠪᠢᠷᠠᠯᠳᠠ ᠶᠢᠨ ᠶᠠᠪᠣᠴᠠ ᠪᠣᠯ᠄ ()
(1) ᠭᠦᠰᠡᠵᠤ ᠡᠷᠡᠮᠡᠯᠵᠡᠭ᠍ᠰᠡᠨ ᠊᠊᠊᠊᠊᠊᠊᠊᠊᠊᠊᠊᠊᠊᠊ ᠠᠶᠤᠯ ᠰᠥᠷᠳᠡᠭᠦᠯᠦᠯ ᠭᠡᠵᠤ ᠰᠠᠨᠠᠭᠰᠠᠨ ᠊᠊᠊᠊᠊᠊᠊᠊᠊᠊᠊᠊᠊᠊᠊ ᠭᠦᠰᠡᠵᠤ ᠡᠷᠡᠮᠡᠯᠵᠡᠭ᠍ᠰᠡᠨ ᠊᠊᠊᠊᠊᠊᠊᠊᠊᠊᠊᠊᠊᠊᠊ ᠬᠠᠷᠢᠶᠠᠵᠤ ᠵᠥᠭᠡᠨ᠂ ᠵᠠᠢ᠌ᠯᠠᠭᠰᠠᠨ ᠊᠊᠊᠊᠊᠊᠊᠊᠊᠊᠊᠊᠊᠊᠊ ᠠᠶᠤᠵᠤ ᠳᠤᠳᠠᠭᠠᠭᠰᠠᠨ᠃
(2) ᠠᠶᠤᠯ ᠰᠥᠷᠳᠡᠭᠦᠯᠦᠯ ᠭᠡᠵᠤ ᠰᠠᠨᠠᠭᠰᠠᠨ ᠊᠊᠊᠊᠊᠊᠊᠊᠊᠊᠊᠊᠊᠊᠊ ᠭᠦᠰᠡᠵᠤ ᠡᠷᠡᠮᠡᠯᠵᠡᠭ᠍ᠰᠡᠨ ᠊᠊᠊᠊᠊᠊᠊᠊᠊᠊᠊᠊᠊᠊᠊ ᠬᠠᠷᠢᠶᠠᠵᠤ ᠵᠥᠭᠡᠨ᠂ ᠵᠠᠢ᠌ᠯᠠᠭᠰᠠᠨ ᠊᠊᠊᠊᠊᠊᠊᠊᠊᠊᠊᠊᠊᠊᠊ ᠠᠶᠤᠵᠤ ᠳᠤᠳᠠᠭᠠᠭᠰᠠᠨ᠃
ᠳᠠᠪᠣ᠃ ᠳᠠᠰᠬᠠᠯ᠄
1. 212 ᠳ᠋ᠤᠭᠠᠷ ᠨᠢᠭᠤᠷ ᠤᠨ 4 ᠳ᠋ᠦᠭᠡᠷ ᠰᠠᠳᠤᠪ ᠢ ᠭᠢᠭᠡᠷᠡᠢ᠃
2. ᠭᠢᠴᠢᠶᠠᠯ ᠢ ᠣᠩᠰᠢᠵᠤ 《ᠪᠢ》 ᠶᠢᠨ ᠠᠪᠣ ᠡᠵᠢ ᠶᠢᠨ ᠠᠪᠠᠭ᠎ᠠ ᠯᠶᠦ᠋ᠯᠢ ᠳᠤ ᠨᠢ ᠠᠪᠣᠭᠰᠠᠨ ᠣᠪᠣᠷ ᠤᠨ ᠬᠤᠪᠢᠷᠠᠯᠳᠠ ᠶᠢᠨ ᠰᠢᠯᠳᠠᠭᠠᠨ ᠢ ᠣᠢ᠌ᠯᠠᠭᠠᠭᠠᠷᠠᠢ︕
ᠵᠤᠬᠢᠶᠠᠭᠴᠢ ᠶᠢᠨ ᠬᠠᠶᠢᠭ ᠄ ᠣᠯᠠᠭᠠᠠᠬᠠᠳᠠ ᠬᠤᠳᠠ ᠶᠢᠨ ᠣᠩᠨᠢᠭᠤᠳ ᠬᠤᠰᠢᠭᠤ
ᠵᠤᠬᠢᠶᠠᠭᠴᠢ᠄ ᠳᠠᠯᠳᠠᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠪᠠᠭᠰᠢ ᠶᠢᠨ ᠬᠠᠨᠢᠳᠠᠷᠤᠮ᠄ 3263
ᠴᠠᠭ᠄ 2009 ᠤᠨ ᠤ 12 ᠰᠠᠷ᠎ᠠ ᠶᠢᠨ 29
ᠨᠠᠢ᠌ᠷᠠᠭᠤᠯᠤᠭᠴᠢ᠄ ᠪᠦᠬᠡᠡᠷᠳᠡᠨᠢ