ᠨᠡᠪᠲᠡᠷᠡᠨ ᠤᠷᠤᠬᠤ
ᠴᠢᠮᠢ᠋ᠢ ᠠᠷᠭᠠᠳᠠᠶ᠎ᠠ

ᠴᠢᠩ ᠦᠨᠡᠠᠴᠢ ᠬᠠᠢ᠌ᠷ᠎ᠠ ᠪᠠᠷ

ᠵᠠᠶᠠᠭ᠎ᠠ ᠶᠢ ᠴᠢᠨᠢ ᠠᠷᠭᠠᠳᠠᠶ᠎ᠠ

ᠴᠢᠰᠤᠨ ᠳᠤ ᠯᠤᠭᠰᠢᠬᠤ ᠡᠰ ᠶᠢᠡᠷ

ᠵᠡᠭᠦᠳᠤᠨ ᠳᠡᠭᠡᠨ ᠴᠢᠮᠢ᠋ᠢ᠌ ᠠᠷᠭᠠᠳᠠᠶ᠎ᠠ᠂

ᠠᠵᠠ ᠵᠢᠷᠭᠠᠯ ᠤᠨ ᠢᠨᠢᠶᠠᠳᠤ ᠪᠠᠷ

ᠡᠳᠦᠷ ᠡᠳᠦᠷ ᠠᠷᠭᠠᠳᠠᠶ᠎ᠠ

ᠠᠮᠠᠷᠠᠭ ᠬᠠᠨᠢ ᠶᠢᠨ ᠪᠠᠬᠠᠷᠬᠠᠯ ᠶᠢᠡᠷ

ᠡᠩᠭᠦᠷᠡᠢ᠌ᠯᠡᠨ ᠴᠢᠮᠢ᠋ᠢ ᠠᠷᠭᠠᠳᠠᠶ᠎ᠠ᠂

ᠴᠡᠴᠡᠭ᠌ ᠤᠨ ᠠᠯᠠᠭ ᠰᠢᠭᠦᠳᠡᠷᠢ ᠪᠠᠷ

ᠨᠢᠯᠪᠣᠰᠤ ᠶᠢ ᠴᠢᠨᠢ ᠠᠷᠭᠠᠳᠠᠶ᠎ᠠ

ᠴᠡᠪᠠᠷᠭᠡᠨ ᠭᠡᠨᠡᠨ ᠳᠤᠷᠠᠯᠠᠯ ᠶᠢᠡᠷ

ᠨᠢᠯᠬᠠᠷᠠᠨ ᠪᠠᠢ᠌ᠵᠤ ᠠᠷᠭᠠᠳᠠᠶ᠎ᠠ᠂

ᠡᠷ᠎ᠡ ᠭᠦᠮᠤᠨ ᠤ ᠬᠠᠯᠠᠮᠵᠢ ᠪᠠᠷ

ᠵᠦᠪ ᠥᠭ᠍ᠴᠤ ᠠᠷᠭᠠᠳᠠᠶ᠎ᠠ

ᠡᠳ᠋ᠯᠡᠭᠡ ᠦᠭᠡᠶ ᠵᠢᠷᠭᠠᠯ ᠪᠠᠯᠡᠭᠯᠡᠵᠤ

ᠵᠥᠪᠭᠡᠨ ᠴᠢᠮᠢ᠋ᠢ ᠠᠷᠭᠠᠳᠠᠶ᠎ᠠ᠂

ᠨᠠᠢ᠌ᠷᠠᠭ ᠤᠨ ᠵᠢᠷᠦᠭᠡ ᠪᠠᠷ

ᠰᠢᠯᠦᠭ᠌ ᠪᠢᠴᠢᠨ ᠠᠷᠭᠠᠳᠠᠶ᠎ᠠ

ᠨᠠᠮᠢ᠋ᠢ ᠭᠡᠰᠡᠨ ᠰᠡᠳᠭᠢᠯ ᠢ ᠴᠢᠨᠢ

ᠰᠢᠳᠤᠨ ᠪᠢᠰᠢᠷᠠᠵᠤ ᠠᠷᠭᠠᠳᠠᠶ᠎ᠠ᠂

ᠬᠤᠷᠢᠮ ᠤᠨ ᠪᠦᠭᠡᠵᠢ ᠵᠡᠭᠦᠯᠭᠡᠵᠤ

ᠭᠡᠦᠭᠡᠨ ᠨᠠᠰᠤ ᠶᠢ ᠴᠢᠨᠢ ᠠᠷᠭᠠᠳᠠᠶ᠎ᠠ

ᠬᠤᠩᠭ᠋ᠤᠷ ᠭᠦᠭᠡᠷᠦᠭᠦᠨ ᠦᠷ᠎ᠡ ᠲᠡᠶ ᠴᠢᠨᠢ

ᠭᠦᠡᠳᠦᠳᠭᠡᠨ ᠪᠠᠢ᠌ᠵᠤ ᠠᠷᠭᠠᠳᠠᠶ᠎ᠠ᠃


ᠵᠤᠬᠢᠶᠠᠭᠴᠢ ᠶᠢᠨ ᠬᠠᠶ‍ᠢᠭ᠄ ᠪᠠᠶᠠᠠᠭᠤᠤᠯ ᠵᠸᠤ ᠤᠨ ᠾᠸᠵᠢᠩ ᠰᠢᠶᠠᠨ

ᠵᠤᠬᠢᠶᠠᠭᠴᠢ᠄ ᠮᠣ᠊·ᠮᠥᠩᠭᠡᠪᠠᠳᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2635
ᠴᠠᠭ᠄ 2010 ᠤᠨ ᠤ 05 ᠰᠠᠷ᠎ᠠ ᠶᠢᠨ 23
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ