☆ ᠭᠦᠷᠵᠡᠪ
ᠮᠢᠨᠤ ᠬᠤᠷᠸ᠎ᠠ
1986 ᠣᠨ ᠳᠤ ᠪᠢᠴᠢᠭ᠍ᠰᠡᠨ ᠣᠬᠤᠷ ᠰᠢᠯᠦᠭᠯᠡᠯ ᠤᠳ (ᠭᠤᠷᠪᠠ)
ᠮᠢᠨᠤ ᠬᠤᠷᠸ᠎ᠠ
ᠨᠠᠷᠠ ᠬᠤᠷ᠎ᠠ ᠲᠡᠶ ᠪᠠᠨ
ᠭᠦᠮᠤᠨ ᠤ ᠬᠤᠷᠸ᠎ᠠ
ᠣᠶᠠᠰᠤᠨ ᠨᠠᠮᠠᠢ᠌ᠨᠠ᠂
ᠨᠠᠢ᠌ᠷᠠᠭ ᠳᠠᠭᠤᠤ ᠲᠡᠶ ᠪᠠᠨ
ᠮᠢᠨᠤ ᠬᠤᠷᠸ᠎ᠠ
ᠠᠭᠤᠵᠢᠮᠬᠠᠨ ᠨᠠᠯᠠᠢ᠌ᠨ᠎ᠠ᠃
ᠰᠠᠮᠪᠠᠷ᠎ᠠ
ᠵᠢᠰᠤ ᠨᠢ ᠬᠠᠷ᠎ᠠ ᠴᠤ
ᠵᠢᠷᠦᠭᠡ ᠨᠢ ᠴᠠᠭᠠᠨ ᠶᠤᠮ᠂
ᠵᠣᠢ᠌ᠯ ᠤᠨ ᠮᠡᠳᠡᠯᠭᠡ ᠵᠢ
ᠡᠵᠡᠮᠰᠢᠭ᠍ᠴᠢ ᠲᠦᠮᠡᠨ ᠳ᠋ᠤ
ᠵᠢᠦᠡᠭᠦᠯ ᠶᠢᠡᠨ ᠬᠠᠢ᠌ᠷᠠᠯᠠᠭᠴᠢ
ᠪᠠᠭᠰᠢ ᠶᠤᠮ᠃
ᠦᠷ ᠤᠨ ᠳᠤᠯᠤᠩ
ᠠᠭᠤᠰᠭᠢᠨ ᠣᠯᠠᠭᠠᠨ
ᠦᠷ ᠤᠨ ᠳᠤᠯᠤᠩ
ᠣᠠᠳᠠᠭᠰᠠᠨ ᠳᠡᠭ᠍ᠷᠢ ᠵᠢᠨ
ᠵᠡᠭᠦᠨ ᠬᠠᠴᠠᠷ ᠢ
ᠢᠯᠪᠢᠨ ᠢᠨᠢᠶᠡᠯᠭᠡᠭᠦᠶᠡ
ᠣᠬᠠᠭᠠᠨ ᠶᠢᠡᠷ ᠭᠡᠯᠭᠢᠯᠳᠦᠭ᠍ᠰᠡᠨ
ᠠᠶᠠᠨ ᠤ ᠣᠳᠤᠳ
ᠣᠶᠠᠰᠤᠨ
ᠬᠠᠢ᠌ᠯᠤᠨ
ᠣᠨᠠᠨ
ᠳᠤᠰᠤᠨ᠎ᠠ᠁
ᠦᠳᠡᠰᠢ
ᠭᠦᠮᠤᠨ ᠤ
ᠭᠦᠭᠡᠷᠦᠭᠦᠨ ᠪᠣᠳᠤᠯ ᠤᠳ
ᠠᠭᠤᠯᠠ ᠶᠢᠨ ᠣᠷᠤᠢ ᠰᠢᠤ
ᠱᠤᠪᠣᠢ᠌ᠯᠴᠠᠵᠤ᠁
ᠳᠠᠷᠠ ᠶᠢᠨ ᠥᠵᠦᠭᠦᠷ
ᠲᠦᠰᠢᠨ
ᠨᠠᠯᠠᠨ ᠣᠨᠠᠨ᠎ᠠ ᠡ᠁
ᠵᠤᠬᠢᠶᠠᠭᠴᠢ ᠶᠢᠨ ᠬᠠᠶᠢᠭ ᠄ ᠬᠦᠬᠡᠬᠤᠲᠠ ᠶᠢᠨ ᠭᠢᠩᠭ᠋ᠠᠨ ᠵᠠᠮ ᠤᠨ ᠦᠨᠳᠦᠰᠦᠳᠠᠨ ᠤ ᠪᠠᠭ᠎ᠠ ᠰᠤᠷᠭᠠᠭᠤᠯᠢ
ᠵᠤᠬᠢᠶᠠᠭᠴᠢ᠄ ᠭᠦᠷᠵᠡᠪ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2636
ᠴᠠᠭ᠄ 2009 ᠤᠨ ᠤ 12 ᠰᠠᠷ᠎ᠠ ᠶᠢᠨ 28
ᠨᠠᠢ᠌ᠷᠠᠭᠤᠯᠤᠭᠴᠢ᠄ ᠪᠦᠬᠡᠡᠷᠳᠡᠨᠢ