☆ ᠭᠦᠢ ᠶᠢᠩ
ᠠᠩᠬᠠᠨ ᠤ ᠴᠠᠰᠤ
( ᠭᠠᠳᠠᠨ᠎ᠠ ᠨᠢᠭᠡ )
ᠠᠩᠬᠠᠨ ᠤ ᠴᠠᠰᠤ
ᠠᠶᠠᠷ ᠠᠶᠠᠷᠬᠠᠨ
ᠠᠯᠠᠭᠠᠨ ᠳᠡᠭᠡᠷ᠎ᠡ ᠮᠢᠨᠢ ᠪᠠᠭᠤᠨ᠎ᠠ ᠂
ᠠᠳᠠᠷ ᠳᠡᠭᠡᠷ᠎ᠡ ᠮᠢᠨᠢ ᠪᠠᠭᠤᠨ᠎ᠠ ᠃
ᠡᠪᠦᠯ ᠦᠨ ᠴᠡᠰᠤ
ᠡᠪᠭᠡᠷ ᠡᠪᠭᠡᠷᠡᠨ
ᠡᠭᠡᠷᠡᠮ᠎ᠡ ᠳᠡᠭᠡᠷ᠎ᠡ ᠮᠢᠨᠢ ᠪᠠᠭᠤᠨ᠎ᠠ ᠂
ᠡᠷᠭᠢᠴᠡᠭᠦᠯᠦᠯ ᠳᠡᠭᠡᠷ᠎ᠡ ᠮᠢᠨᠢ ᠪᠠᠭᠤᠨ᠎ᠠ ᠃
ᠠᠷᠢᠭᠤᠨ ᠴᠠᠭᠠᠨ ᠳᠡᠭ᠍ᠷᠢ ᠵᠢᠨ ᠡᠯᠴᠢ
ᠰᠡᠷᠡᠪᠴᠢᠨ ᠳᠡᠭᠡᠷ᠎ᠡ ᠮᠢᠨᠢ ᠪᠠᠭᠤᠨ᠎ᠠ ᠂
ᠰᠠᠨᠠᠭᠠᠨ ᠳᠡᠭᠡᠷ᠎ᠡ ᠮᠢᠨᠢ ᠪᠠᠭᠤᠨ᠎ᠠ ᠃
ᠠᠩᠭᠢᠯᠤᠮ᠎ᠠ ᠮᠦᠯᠰᠤᠨ
ᠬᠠᠢ᠌ᠷ᠎ᠠ ᠵᠢᠨ ᠳᠠᠭᠢᠨᠢ
ᠠᠭᠠᠷ ᠳᠡᠭᠡᠷ᠎ᠡ ᠡᠴᠡ ᠪᠦᠵᠢᠭᠯᠡᠨ ᠪᠠᠭᠤᠨ᠎ᠠ ᠂
ᠠᠯᠳᠠᠨ ᠳᠡᠯᠡᠭᠡᠢ ᠳᠤ ᠬᠠᠨᠢᠰᠠᠨ ᠪᠠᠭᠤᠨ᠎ᠠ ᠃
ᠡᠯᠡᠰᠤᠨ ᠰᠢᠭᠤᠷᠭᠡ
ᠡᠭᠡ ᠨᠤᠳᠤᠭ ᠮᠢᠨᠢ ᠪᠠᠰᠠᠯᠠ
ᠡᠯᠡᠰᠤᠨ ᠰᠢᠭᠤᠷᠭ᠎ᠠ ᠳᠡᠭ᠍ᠳᠡᠴᠢᠭᠡᠯᠡ !
ᠥᠪᠣᠷ ᠮᠤᠩᠭ᠋ᠤᠯ ᠮᠢᠨᠢ ᠪᠠᠰᠡᠯᠡ
ᠥᠭᠡᠨ ᠤ ᠰᠡᠵᠢᠭᠦᠷ ᠬᠠᠪᠴᠢᠭᠳᠠᠴᠢᠬᠠᠯᠠ !
ᠪᠠᠢ᠌ᠭᠠᠯᠢ ᠡᠭᠡ ᠪᠠᠨ ᠬᠠᠮᠠᠭᠠᠯᠠᠬᠤ
ᠪᠠᠴᠢᠮ ᠵᠠᠷᠯᠢᠭ ᠪᠠᠭᠤᠯᠭᠠᠴᠢᠬᠠᠯ᠎ᠠ !
ᠪᠠᠳᠠᠢ ᠵᠢᠨ ᠵᠢᠷᠠᠨ ᠢ ᠵᠠᠰᠠᠬᠤ
ᠪᠠᠢ᠌ᠳᠠᠯ ᠦᠨ ᠰᠤᠨᠢᠨ ᠣᠯᠠᠮᠵᠢᠯᠠᠴᠢᠬᠠᠯᠠ !
ᠨᠤᠮᠢᠨ ᠨᠤᠭᠤᠭᠠᠨ ᠪᠠᠢ᠌ᠭᠰᠠᠨ ᠳᠠᠯ᠎ᠠ ᠮᠢᠨᠢ
ᠡᠩᠭᠡᠷ ᠨᠢ ᠶᠠᠭᠠᠭᠢᠭᠠᠤᠨ ᠬᠠᠯᠴᠢᠷᠠᠪᠠ ᠳ᠋ᠠ !
ᠨᠤᠭᠳᠤᠷᠤ ᠰᠢᠪᠠᠭᠤ ᠥᠷᠭᠦᠳᠡᠭ᠌ ᠡᠪᠠᠰᠤ ᠮᠢᠨᠢ
ᠦᠠᠳᠤᠰᠤ ᠨᠢ ᠶᠠᠭᠠᠭᠢᠭᠠᠤᠨ ᠰᠢᠷᠠᠯᠠᠪᠠ ᠳ᠋ᠠ !
ᠲᠤᠷ᠎ᠠ ᠳᠠᠪᠠ ᠪᠠᠷ ᠵᠢᠨ ᠠᠳᠠᠷ ᠬᠠᠭᠠᠯᠪᠣᠷᠢᠯᠠᠭᠰᠠᠭᠠᠷ
ᠲᠤᠬᠤ ᠪᠠᠷ ᠵᠢᠡᠨ ᠣᠳᠤ ᠰᠠᠪᠠᠭᠳᠠᠵᠤ ᠰᠢᠤ !
ᠲᠤᠳᠠᠭᠤ ᠳᠤᠷᠭᠤᠨ ᠵᠠᠷᠯᠢᠭ ᠪᠠᠭᠤᠯᠭᠠᠭᠰᠠᠭᠠᠷ
ᠨᠤᠳᠤᠭ ᠵᠢᠡᠨ ᠣᠳᠤ ᠡᠯᠡᠰᠦᠷᠭᠡᠭ᠍ᠵᠢᠭᠦᠯᠵᠤ ᠰᠢᠤ !
ᠰᠢᠭᠤᠷᠠᠭᠠᠤᠨ ᠢᠷᠡᠭᠦ ᠡᠯᠡᠰᠤᠨ ᠤ ᠭᠢᠨᠢ
ᠮᠥᠭᠦᠯᠢᠭ᠌ ᠨᠢ ᠪᠢᠯᠠ ᠡᠭᠡ ᠨᠤᠳᠤᠭ ᠮᠢᠨᠢ !
ᠮᠡᠯᠮᠡᠷᠡᠭᠡᠤᠨ ᠢᠷᠡᠭᠦ ᠨᠢᠳᠤᠨ ᠤ ᠭᠢᠨᠢ
ᠨᠢᠯᠪᠣᠰᠤ ᠨᠢ ᠪᠢᠯᠠ ᠡᠭᠡ ᠨᠤᠳᠤᠭ ᠮᠢᠨᠢ !
ᠬᠠᠭᠠᠷᠢᠭᠠᠤᠨ ᠢᠷᠡᠭᠦ ᠵᠢᠪᠠᠷ ᠦᠨ ᠭᠢᠨᠢ
ᠥᠵᠦᠭᠦᠷ ᠨᠢ ᠪᠢᠯᠠ ᠡᠭᠡ ᠨᠤᠳᠤᠭ ᠮᠢᠨᠢ !
ᠬᠠᠭᠰᠠᠷᠠᠭᠠᠤᠨ ᠢᠷᠡᠭᠦ ᠬᠠᠪᠣᠷ ᠦᠨ ᠭᠢᠨᠢ
ᠥᠩᠭᠡ ᠨᠢ ᠪᠢᠯᠠ ᠡᠭᠡ ᠨᠤᠳᠤᠭ ᠮᠢᠨᠢ!
ᠣᠷᠭᠤᠬᠤ ᠴᠤ ᠪᠣᠯᠤᠭ ᠬᠠᠳᠠᠬᠤ ᠴᠤ ᠪᠣᠯᠤᠭ
ᠥᠷ᠎ᠠ ᠨᠢ ᠪᠣᠯᠵᠤ ᠨᠤᠳᠤᠭ ᠲᠠᠭᠠᠨ ᠣᠷᠭᠤᠶ᠎ᠠ !
ᠠᠭᠤᠴᠢᠯᠠᠬᠤ ᠴᠤ ᠪᠣᠯᠤᠭ ᠥᠷᠦᠰᠢᠶᠡᠭᠦ ᠴᠤ ᠪᠣᠯᠤᠭ
ᠣᠰᠤᠯ ᠨᠢ ᠪᠣᠯᠵᠤ ᠴᠢᠮ᠎ᠠ ᠪᠠᠨ ᠰᠠᠭᠢᠶ᠎ᠠ !
ᠵᠤᠬᠢᠶᠠᠭᠴᠢ᠄ ᠭᠦᠢ ᠶᠢᠩ
ᠢᠷᠡᠯᠲᠡ᠄ ᠵᠠᠷᠤᠳ ᠬᠤᠰᠢᠭᠤᠨ ᠤ ᠤᠳᠬ᠎ᠠ ᠤᠷᠠᠯᠢᠭ ᠤᠨ ᠬᠢᠨ ᠤ ᠬᠤᠯᠪᠤᠭᠠᠲᠤ ᠬᠤᠷᠠᠯ ᠬᠠᠩᠭᠠᠪᠠ
ᠬᠠᠷᠢᠶ᠎ᠠ᠄
ᠰᠢᠯᠦᠭᠳᠠᠷᠤᠮ᠄ 6438
ᠴᠠᠭ᠄ 2004 ᠤᠨ ᠤ 10 ᠰᠠᠷ᠎ᠠ ᠶᠢᠨ 10
ᠨᠠᠢ᠌ᠷᠠᠭᠤᠯᠤᠭᠴᠢ᠄ ᠪᠦᠬᠡᠡᠷᠳᠡᠨᠢ