ᠨᠡᠪᠲᠡᠷᠡᠨ ᠤᠷᠤᠬᠤ
ᠨᠢᠳᠤᠨᠤᠨ ᠬᠠᠪᠣᠷ

ᠨᠢᠳᠤᠨᠤᠨ ᠬᠠᠪᠣᠷ ᠭᠡᠵᠤ

ᠨᠤᠬᠠᠢ᠌ᠷᠠᠭᠰᠠᠨ ᠬᠠᠪᠣᠷ ᠪᠠᠢ᠌ᠭᠰᠠᠨ ᠶᠤᠮ

ᠨᠢᠳᠤ ᠨᠡᠭᠡᠭᠡᠭᠦ ᠶᠢᠨ ᠠᠷᠭ᠎ᠠ ᠦᠭᠡᠶ

ᠨᠢᠭᠦᠯ ᠲᠡᠶ ᠰᠠᠯᠭᠢᠨ ᠭᠠᠷᠤᠭᠰᠠᠨ ᠶᠤᠮ

ᠰᠤᠮᠤᠨ ᠤ ᠠᠷᠤ ᠶᠢᠨ ᠮᠤᠳᠤᠳ

ᠰᠤᠬᠤᠷᠤᠭᠰᠠᠨ ᠶᠤᠮᠰᠢᠭ ᠬᠠᠷᠠᠯᠠᠵᠤ

ᠰᠤᠷᠠᠭ ᠬᠤᠯᠪᠣᠭᠠᠨ ᠤ ᠰᠤᠪᠣᠷᠭ᠎ᠠ

ᠰᠤᠭᠳᠤᠭᠰᠠᠨ ᠶᠤᠮᠰᠢᠭ ᠨᠠᠢ᠌ᠭᠤᠵᠤ

ᠰᠠᠭᠤᠭᠠᠯᠢ ᠠᠢ᠌ᠯ ᠤᠨ ᠡᠭᠦᠳᠡ ᠴᠤᠩᠬᠤ

ᠰᠤᠯᠢᠶᠠᠷᠠᠭᠰᠠᠨ ᠶᠤᠮᠰᠢᠭ ᠳᠠᠴᠢᠭᠢᠨᠠᠵᠤ

ᠰᠤᠷᠭᠠᠭᠤᠯᠢ ᠶᠢᠨ ᠠᠷᠤ ᠭᠡᠷᠡᠮ ᠴᠤ

ᠰᠠᠭᠤᠷᠢ ᠪᠠᠷ ᠶᠢᠡᠨ ᠭᠦᠷᠪᠠᠵᠤ ᠣᠨᠠᠭᠰᠠᠨ ᠶᠤᠮ

ᠮᠤᠬᠤᠷ ᠰᠤᠳᠤᠮ ᠤᠨ ᠮᠠᠯᠠᠭᠠᠢ ᠶᠢ

ᠮᠤᠯᠳᠤ ᠥᠯᠢᠶᠡᠭ᠍ᠰᠡᠨ ᠶᠢᠡᠷ ᠳᠤᠭᠳᠠᠬᠤ ᠦᠭᠡᠶ

ᠮᠤᠰᠢᠭᠠᠢ ᠨᠠᠮᠵᠢᠯ ᠤᠨ ᠡᠭᠡᠨᠡᠷ ᠢ ᠴᠤ

ᠮᠠᠨ ᠤ ᠳᠤ ᠢᠷᠠᠳᠠᠯ᠎ᠠ ᠳᠦᠭᠡᠷᠢᠭᠦᠯᠦᠭ᠍ᠰᠡᠨ

ᠮᠤᠵᠢ ᠠᠯᠤᠰᠤᠯᠠᠵᠤ ᠢᠷᠡᠭ᠍ᠰᠡᠨ

ᠮᠠᠭᠤ ᠢᠷᠸ᠎ᠠ ᠶᠢᠨ ᠰᠠᠯᠭᠢᠨ

ᠮᠠᠭᠤ ᠲᠡᠶ ᠰᠠᠢ᠌ᠨ ᠲᠡᠶ ᠨᠢ ᠥᠯᠢᠶᠡᠭ᠍ᠰᠡᠨ

ᠮᠤᠯᠭᠤᠤ ᠭᠦᠳᠡᠭᠢ ᠰᠠᠯᠭᠢᠨ

ᠡᠷᠭᠢᠨ ᠣᠰᠤᠨ ᠤ ᠳᠤᠶᠠᠭ᠎ᠠ ᠶᠢ

ᠳᠡᠯᠭᠡᠭᠦᠷ ᠭᠡᠰᠦᠭᠦ ᠶᠢ ᠨᠢ ᠵᠤᠭᠰᠤᠳᠠᠯ᠎ᠠ

ᠡᠷᠡᠭ᠍ᠴᠢᠨ ᠳᠠᠭᠢᠶ᠎ᠠ ᠶᠢ ᠭᠦᠷᠳᠡᠯ᠎ᠡ

ᠥᠤᠷ ᠮᠡᠳᠡᠭᠡᠯᠡᠭᠦ ᠶᠢ ᠨᠢ ᠪᠣᠯᠢᠳᠠᠯ᠎ᠠ

ᠣᠯᠤᠰ ᠲᠦᠮᠡᠨ ᠤ ᠨᠢᠳᠤ ᠶᠢ

ᠣᠠᠳᠠᠵᠤ ᠪᠠᠢ᠌ᠬᠤ ᠰᠢᠭ ᠠᠨᠢᠭᠤᠯᠵᠤ

ᠣᠯᠠᠭᠠᠨ ᠴᠠᠭᠠᠨ ᠨᠢᠭᠤᠷ ᠢ

ᠣᠳᠤᠵᠤ ᠪᠠᠢ᠌ᠬᠤ ᠰᠢᠭ ᠬᠠᠷᠠᠯᠠᠭᠤᠯᠵᠤ

ᠬᠠᠷᠢᠶᠠᠴᠢ ᠰᠢᠪᠠᠭᠤ ᠶᠢ ᠪᠠᠢ᠌ᠳᠠᠯ᠎ᠠ

ᠬᠠᠷᠢᠵᠤ ᠢᠷᠡᠭᠦ ᠶᠢ ᠨᠢ ᠣᠳᠠᠭᠠᠵᠤ

ᠬᠠᠢ᠌ᠷᠯᠠᠭᠰᠠᠨ ᠬᠤᠶᠠᠷ ᠢ ᠭᠦᠷᠳᠡᠯ᠎ᠡ

ᠬᠠᠪᠢ ᠪᠠᠷ ᠳᠤᠭᠤᠷᠢᠬᠤ ᠶᠢ ᠨᠢ ᠰᠠᠭᠠᠳᠠᠭᠠᠵᠤ

ᠬᠠᠮᠠᠷ ᠰᠢᠷᠤᠪ ᠤᠨ ᠢᠮᠠᠭᠠᠨ ᠳᠤ

ᠬᠠᠭᠠᠰ ᠵᠢᠩ ᠰᠢᠷᠤᠢ ᠨᠠᠮᠠᠳᠠᠯ᠎ᠠ

ᠬᠠᠳᠠᠨ ᠬᠤᠰᠢᠭᠤ ᠶᠢᠨ ᠰᠦᠷᠤᠩ ᠤᠨ

ᠬᠠᠷᠢᠶᠠᠬᠤ ᠰᠠᠳᠤᠪ ᠢ ᠰᠤᠯᠢᠳᠠᠯ᠎ᠠ

ᠭᠠᠵᠠᠷ ᠳᠡᠭ᠍ᠷᠢ ᠶᠢ ᠨᠡᠢ᠌ᠯᠡᠭᠦᠯᠦᠭ᠍ᠰᠡᠨ

ᠭᠠᠢ ᠲᠡᠶ ᠢᠷᠡᠭ᠍ᠰᠡᠨ ᠰᠠᠯᠭᠢᠨ

ᠭᠠᠷᠴᠤ ᠣᠷᠤᠬᠤ ᠶᠢ ᠬᠠᠷᠰᠢᠯᠠᠭᠰᠠᠨ

ᠭᠠᠯᠵᠠᠭᠤ ᠭᠦᠴᠦᠳᠡᠢ ᠰᠠᠯᠭᠢᠨ

ᠳᠡᠷᠢᠭᠦᠯᠡᠭ᠍ᠴᠢ ᠴᠡᠴᠡᠭ᠌ ᠢ ᠪᠠᠢ᠌ᠳᠤᠭᠠᠢ

ᠳᠡᠷᠢᠭᠦᠨ ᠢ ᠭᠦᠷᠳᠡᠯ᠎ᠡ ᠰᠠᠵᠢᠯᠠᠭᠤᠯᠤᠭᠰᠠᠨ

ᠳᠠᠷᠠ ᠬᠠᠪᠣᠷ ᠤᠨ ᠰᠠᠯᠭᠢᠨ ᠭᠡᠵᠤ

ᠳᠡᠨᠡᠭ᠌ ᠲᠡᠶ ᠰᠠᠯᠭᠢᠨ ᠪᠠᠢ᠌ᠭᠰᠠᠨ ᠶᠤᠮ᠃

ᠵᠤᠬᠢᠶᠠᠭᠴᠢ᠄ ᠪᠠ᠊·ᠨᠡᠭᠦᠳᠡᠯᠴᠢ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2637
ᠴᠠᠭ᠄ 2009 ᠤᠨ ᠤ 01 ᠰᠠᠷ᠎ᠠ ᠶᠢᠨ 14
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ