ᠨᠡᠪᠲᠡᠷᠡᠨ ᠤᠷᠤᠬᠤ
ᠰᠤᠭᠳᠤᠭᠤ ᠶᠢᠨ ᠬᠤᠯᠪᠣᠭ᠎ᠠ

ᠬᠤᠭᠤᠷ ᠶᠢᠡᠨ ᠠᠳᠬᠤᠭᠠᠤᠨ ᠰᠠᠭᠤᠯ᠎ᠠ ᠪᠢ

ᠬᠤᠷᠤᠭᠤ ᠪᠠᠷ ᠶᠢᠡᠨ ᠳᠠᠷᠤᠭᠠᠤᠨ ᠭᠦᠭᠯᠡᠭᠦᠯᠦᠯ᠎ᠡ

ᠬᠤᠳᠠᠯᠠ ᠣᠯᠠᠨ ᠳᠠ ᠨᠡᠷ ᠲᠤ ᠪᠠᠨ

ᠬᠤᠯᠪᠣᠭ᠎ᠠ ᠰᠢᠯᠦᠭ᠌ ᠶᠢᠡᠨ ᠭᠡᠯᠡᠵᠤ ᠦᠭ‍ᠭᠦᠶ᠎ᠡ᠃


ᠠᠷᠠᠯᠳᠤ ᠬᠤᠭᠤᠷ ᠶᠢᠡᠨ ᠪᠠᠷᠢᠯ᠎ᠠ ᠪᠢ

ᠠᠶᠠᠯᠭᠤ ᠨᠢ ᠳᠠᠷᠤᠭᠠᠤᠨ ᠭᠦᠭ᠍ᠵᠢᠮᠳᠡᠯ᠎ᠡ

ᠠᠭᠰᠢᠷᠠᠭ᠎ᠠ ᠵᠠᠯᠠᠭᠤ ᠳᠠ ᠨᠡᠷ ᠲᠤ ᠪᠠᠨ

ᠰᠤᠭᠳᠤᠭᠤ ᠶᠢᠨ ᠬᠤᠯᠪᠣᠭ᠎ᠠ ᠭᠡᠯᠡᠵᠤ ᠦᠭ‍ᠭᠦᠶ᠎ᠡ᠃


ᠰᠢᠯᠤᠰᠤ ᠣᠰᠤ ᠪᠠᠨ ᠰᠠᠢ᠌ᠷᠠᠭᠤᠯᠤᠭᠠᠤᠨ

ᠱᠥᠯᠭᠦᠭᠡ ᠰᠤᠭᠳᠤᠭᠤ ᠪᠠᠰᠠ ᠨᠢᠭᠡ ᠪᠠᠢ᠌ᠨ᠎ᠠ

ᠰᠢᠷᠢᠯᠳᠤᠨ ᠰᠢᠷᠢᠯᠳᠤᠨ ᠣᠤᠭᠤᠬᠤ ᠡᠴᠠ

ᠰᠢᠪᠰᠢᠭ᠌ ᠲᠡᠶ ᠰᠤᠭᠳᠤᠭᠤ ᠪᠠᠰᠠ ᠨᠢᠭᠡ ᠪᠠᠢ᠌ᠨ᠎ᠠ᠃


ᠭᠡᠷ ᠭᠡᠷ ᠢ ᠳᠤᠭᠤᠷᠢᠭᠠᠤᠨ

ᠳᠡᠩᠰᠢᠭᠦᠷᠢ ᠰᠤᠭᠳᠤᠭᠤ ᠪᠠᠰᠠ ᠨᠢᠭᠡ ᠪᠠᠢ᠌ᠨ᠎ᠠ

ᠭᠡᠵᠢᠭᠡ ᠦᠰᠦ ᠪᠠᠨ ᠦᠷᠪᠤᠢᠯᠭᠡᠭᠡᠳ

ᠪᠣᠭ ᠯᠠ ᠰᠤᠭᠳᠤᠭᠤ ᠪᠠᠰᠠ ᠨᠢᠭᠡ ᠪᠠᠢ᠌ᠨ᠎ᠠ᠃


ᠭᠡᠯᠡᠭᠡᠳ ᠠᠪᠣᠪᠠᠯ ᠵᠤᠭᠰᠤᠳᠠᠭ ᠥᠭᠡᠢ

ᠭᠡᠯᠡᠮᠦᠷᠴᠢ ᠰᠤᠭᠳᠤᠭᠤ ᠪᠠᠰᠠ ᠨᠢᠭᠡ ᠪᠠᠢ᠌ᠨ᠎ᠠ

ᠭᠡᠯᠡ ᠠᠮᠠ ᠪᠠᠨ ᠴᠢᠷᠦᠴᠢᠭᠡᠭᠡᠳ

ᠭᠡᠯᠡᠭᠡᠢ ᠰᠤᠭᠳᠤᠭᠤ ᠪᠠᠰᠠ ᠨᠢᠭᠡ ᠪᠠᠢ᠌ᠨ᠎ᠠ᠃


ᠥᠭᠡ ᠪᠦᠭᠦᠨ ᠢ ᠰᠡᠪᠠᠯᠡᠭᠡᠳ

ᠥᠭᠡᠯᠡᠰᠢ ᠰᠤᠭᠳᠤᠭᠤ ᠪᠠᠰᠠ ᠨᠢᠭᠡ ᠪᠠᠢ᠌ᠨ᠎ᠠ

ᠥᠳᠦᠭᠡᠨ ᠥᠳᠦᠭᠡᠨ ᠭᠡᠷᠡᠯᠳᠦᠭᠦᠯᠴᠢᠭᠡᠭᠡᠳ

ᠥᠢᠮᠡᠭᠡᠨ ᠲᠡᠶ ᠰᠤᠭᠳᠤᠭᠤ ᠪᠠᠰᠠ ᠨᠢᠭᠡ ᠪᠠᠢ᠌ᠨ᠎ᠠ᠃


ᠣᠩᠬᠤᠯᠠᠵᠤ ᠣᠨᠠᠪᠠᠯ ᠬᠤᠷᠭᠢᠷᠠᠭᠠᠤᠨ

ᠣᠠᠳᠠᠩᠬᠠᠢ ᠰᠤᠳᠤᠭᠤ ᠪᠠᠰᠠ ᠨᠢᠭᠡ ᠪᠠᠢ᠌ᠨ᠎ᠠ

ᠣᠩ ᠰᠦᠨᠢ ᠳᠤ ᠪᠠᠨ ᠭᠤᠵᠣᠢ᠌ᠴᠢᠬᠠᠭᠠᠤᠨ

ᠮᠠᠨᠠᠭᠠᠴᠢ ᠰᠤᠭᠳᠤᠭᠤ ᠪᠠᠰᠠ ᠨᠢᠭᠡ ᠪᠠᠢ᠌ᠨ᠎ᠠ᠃


ᠣᠤᠭᠤᠭᠠᠤᠨ ᠣᠤᠭᠤᠭᠠᠤᠨ ᠬᠠᠨᠤᠰᠢ ᠥᠭᠡᠢ

ᠬᠤᠪᠳᠤᠭ ᠰᠤᠭᠳᠤᠭᠤ ᠪᠠᠰᠠ ᠨᠢᠭᠡ ᠪᠠᠢ᠌ᠨ᠎ᠠ

ᠣᠤᠭᠤᠨᠠᠷᠠᠨ ᠰᠤᠭᠳᠤᠴᠢᠬᠠᠳᠠᠭ

ᠣᠪ ᠲᠡᠶ ᠰᠤᠳᠤᠭᠤ ᠪᠠᠰᠠ ᠨᠢᠭᠡ ᠪᠠᠢ᠌ᠨ᠎ᠠ


ᠥᠵᠡᠭᠦ ᠨᠢᠳᠤ ᠨᠢ ᠣᠯᠠᠢ᠌ᠴᠢᠬᠠᠭᠠᠤᠨ

ᠭᠠᠯᠵᠠᠭᠤ ᠰᠤᠭᠳᠤᠭᠤ ᠪᠠᠰᠠ ᠨᠢᠭᠡ ᠪᠠᠢ᠌ᠨ᠎ᠠ

ᠡᠷᠦᠭᠡ ᠭᠡᠷ ᠶᠢᠡᠨ ᠳᠠᠨᠢᠬᠤ ᠦᠭᠡᠶ ᠯᠠᠢ

ᠡᠷᠭᠢᠭᠦᠤ ᠰᠤᠭᠳᠤᠭᠤ ᠪᠠᠰᠠ ᠨᠢᠭᠡ ᠪᠠᠢ᠌ᠨ᠎ᠠ᠃


ᠣᠤᠭᠤᠭᠰᠠᠨ ᠳᠤᠤᠷ᠎ᠠ ᠪᠠᠨ ᠣᠯᠠᠩ᠌ᠴᠢᠬᠠᠳᠠᠭ

ᠯᠤᠦᠶ‍ᠧ ᠰᠤᠭᠳᠤᠭᠤ ᠪᠠᠰᠠ ᠨᠢᠭᠡ ᠪᠠᠢ᠌ᠨ᠎ᠠ

ᠣᠯᠳᠠᠭᠰᠠᠨ ᠪᠦᠭᠦᠨ ᠳᠤ ᠵᠠᠷᠤᠭᠳᠠᠴᠢᠬᠠᠭᠠᠤᠨ

ᠠᠵᠢᠯᠴᠢ ᠰᠤᠭᠳᠤᠭᠤ ᠪᠠᠰᠠ ᠨᠢᠭᠡ ᠪᠠᠢ᠌ᠨ᠎ᠠ᠃


ᠦᠮᠦᠳᠦᠨ ᠳᠠᠯᠠᠢ ᠪᠠᠨ ᠠᠯᠳᠠᠴᠢᠬᠠᠭᠠᠤᠨ

ᠦᠷᠦᠭᠡᠯ ᠲᠡᠶ ᠰᠤᠭᠳᠤᠭᠤ ᠪᠠᠰᠠ ᠨᠢᠭᠡ ᠪᠠᠢ᠌ᠨ᠎ᠠ

ᠡᠮᠦᠰᠦᠭ᠍ᠰᠡᠨ ᠪᠦᠭᠦᠨ ᠶᠢᠡᠨ ᠳᠠᠢ᠌ᠯᠤᠴᠢᠬᠠᠭᠠᠤᠨ

ᠱᠠᠯᠳᠠᠩ ᠰᠤᠭᠳᠤᠭᠤ ᠪᠠᠰᠠ ᠨᠢᠭᠡ ᠪᠠᠢ᠌ᠨ᠎ᠠ᠃


ᠡᠮᠡᠰ ᠬᠡᠦᠬᠡᠳ ᠶᠢᠡᠨ ᠱᠠᠭᠠᠯᠠᠬᠤ ᠡᠴᠠ

ᠡᠮᠢᠶᠡᠯ ᠲᠡᠶ ᠰᠤᠭᠳᠤᠭᠤ ᠪᠠᠰᠠ ᠨᠢᠭᠡ ᠪᠠᠢ᠌ᠨ᠎ᠠ

ᠶ‍ᠢᠷᠳᠢᠠᠴᠤ ᠶᠢᠨ ᠣᠴᠢᠷ ᠢ ᠮᠡᠳᠡᠴᠢᠭᠡᠭᠡᠳ

《ᠮᠡᠷᠭᠡᠨ》 ᠰᠤᠭᠳᠤᠭᠤ ᠪᠠᠰᠠ ᠨᠢᠭᠡ ᠪᠠᠢ᠌ᠨ᠎ᠠ᠃


ᠣᠴᠠᠷᠴᠭᠰᠠᠨ ᠪᠦᠭᠦᠨ ᠲᠡᠶ ᠭᠡᠷᠡᠯᠳᠦᠭᠦ ᠡᠴᠠ

ᠭᠡᠷᠡᠭᠦᠯᠴᠢ ᠰᠤᠭᠳᠤᠭᠤ ᠪᠠᠰᠠ ᠨᠢᠭᠡ ᠪᠠᠢ᠌ᠨ᠎ᠠ

ᠣᠰᠤ ᠡ᠂ ᠣᠰᠤ ᠡ ᠪᠠᠷᠭᠢᠷᠠᠭᠠᠤᠨ

ᠬᠠᠳᠠᠮᠠᠯ ᠰᠤᠭᠳᠤᠭᠤ ᠪᠠᠰᠠ ᠨᠢᠭᠡ ᠪᠠᠢ᠌ᠨ᠎ᠠ᠂


ᠥᠵᠡᠭᠦ ᠨᠢᠳᠤ ᠨᠢ ᠰᠡᠮᠡᠢ᠌ᠭᠡᠳ

ᠨᠣᠢ᠌ᠷᠮᠤᠭ ᠰᠤᠭᠳᠤᠭᠤ ᠪᠠᠰᠠ ᠨᠢᠭᠡ ᠪᠠᠢ᠌ᠨ᠎ᠠ

ᠦᠬᠢᠳ ᠡᠮᠡᠰ ᠲᠡᠶ ᠬᠠᠯᠳᠠᠬᠤ ᠡᠴᠠ

ᠱᠠᠯᠢᠭ ᠰᠤᠭᠳᠤᠭᠤ ᠪᠠᠰᠠ ᠨᠢᠭᠡ ᠪᠠᠢ᠌ᠨ᠎ᠠ᠃


ᠭᠡᠢ ᠬᠤᠭᠤᠰᠤᠨ ᠥᠯᠢᠶᠡᠭᠦ ᠡᠴᠠ

ᠣᠮᠤᠷᠬᠠᠭ ᠰᠤᠭᠳᠤᠭᠤ ᠪᠠᠰᠠ ᠨᠢᠭᠡ ᠪᠠᠢ᠌ᠨ᠎ᠠ

ᠭᠡᠯᠡᠭ᠍ᠰᠡᠨ ᠪᠦᠭᠦᠨ ᠶᠢᠡᠨ ᠮᠡᠯᠵᠢᠴᠢᠭᠡᠭᠡᠳ

ᠬᠤᠯᠵᠢᠨ ᠰᠤᠭᠳᠤᠭᠤ ᠪᠠᠰᠠ ᠨᠢᠭᠡ ᠪᠠᠢ᠌ᠨ᠎ᠠ᠃


ᠭᠦᠮᠤᠨ ᠪᠦᠭᠦᠨ ᠢ ᠵᠠᠩᠳᠤᠷᠤᠭᠠᠤᠨ

ᠨᠤᠶᠠᠠᠴᠢ ᠰᠤᠭᠳᠤᠭᠤ ᠪᠠᠰᠠ ᠨᠢᠭᠡ ᠪᠠᠢ᠌ᠨ᠎ᠠ

ᠭᠦᠳᠡᠭᠡ ᠭᠡᠭᠡᠷ᠎ᠡ ᠳᠠᠯᠢ᠌ᠴᠢᠬᠠᠭᠠᠤᠨ

ᠭᠦᠭᠡᠷᠦᠭᠦᠢ ᠰᠤᠭᠳᠤᠭᠤ ᠪᠠᠰᠠ ᠨᠢᠭᠡ ᠪᠠᠢ᠌ᠨ᠎ᠠ᠃


ᠢᠨᠢᠶᠡᠭᠡᠳ ᠠᠪᠣᠪᠠᠯ ᠵᠤᠭᠰᠤᠬᠤ ᠦᠭᠡᠶ ᠯᠠᠢ

ᠪᠠᠶᠠᠰᠤᠩᠭ᠋ᠤᠢ ᠰᠤᠭᠳᠤᠭᠤ ᠪᠠᠰᠠ ᠨᠢᠭᠡ ᠪᠠᠢ᠌ᠨ᠎ᠠ

ᠢᠳᠡᠭ᠍ᠰᠡᠨ ᠪᠦᠭᠦᠨ ᠶᠢᠡᠨ ᠭᠠᠷᠭᠠᠴᠢᠬᠠᠭᠠᠤᠨ

ᠪᠣᠵᠠᠷ ᠰᠤᠭᠳᠤᠭᠤ ᠪᠠᠰᠠ ᠨᠢᠭᠡ ᠪᠠᠢ᠌ᠨ᠎ᠠ᠃


ᠡᠷᠢᠶᠡᠨ ᠮᠠᠷᠢᠶᠠᠨ ᠶᠢᠡᠷ ᠣᠷᠢᠯᠠᠭᠠᠤᠨ

ᠪᠠᠷᠭᠢᠷᠠᠭ᠎ᠠ ᠰᠤᠭᠳᠤᠭᠤ ᠪᠠᠰᠠ ᠨᠢᠭᠡ ᠪᠠᠢ᠌ᠨ᠎ᠠ

ᠡᠭ᠍ᠰᠢᠵᠤ ᠮᠡᠭ᠍ᠰᠢᠵᠤ ᠣᠭᠢᠯᠠᠭᠠᠤᠨ

ᠦᠷᠤᠪᠳᠤᠮᠠᠷ ᠰᠤᠭᠳᠤᠭᠤ ᠪᠠᠰᠠ ᠨᠢᠭᠡ ᠪᠠᠢ᠌ᠨ᠎ᠠ᠃


ᠰᠢᠳᠤ ᠠᠮᠠ ᠨᠢ ᠵᠠᠭᠤᠷᠠᠭᠠᠤᠨ

ᠵᠠᠭᠤᠷᠮᠠᠭ ᠰᠤᠭᠳᠤᠭᠤ ᠪᠠᠰᠠ ᠨᠢᠭᠡ ᠪᠠᠢ᠌ᠨ᠎ᠠ

ᠴᠢᠨᠤᠭᠢ ᠮᠢᠨᠤᠭᠢ ᠪᠠᠨ ᠮᠡᠳᠡᠭᠦ ᠦᠭᠡᠶ ᠯᠠᠢ

ᠮᠤᠩᠬᠠᠭ ᠰᠤᠭᠳᠤᠭᠤ ᠪᠠᠰᠠ ᠨᠢᠭᠡ ᠪᠠᠢ᠌ᠨ᠎ᠠ᠃


ᠤᠢ᠌ᠴᠢᠨ ᠤᠢ᠌ᠴᠢᠨ ᠣᠨᠠᠬᠤ ᠡᠴᠠ

ᠪᠦᠳᠦᠷᠢᠭᠡ ᠰᠤᠭᠳᠤᠭᠤ ᠪᠠᠰᠠ ᠨᠢᠭᠡ ᠪᠠᠢ᠌ᠨ᠎ᠠ

ᠣᠯᠤᠭᠰᠠᠨ ᠪᠦᠭᠦᠨ ᠶᠢᠡᠨ ᠪᠠᠷᠠᠭᠠᠬᠤ ᠡᠴᠠ

ᠪᠦᠷᠢᠯᠭᠡᠭ᠍ᠴᠢ ᠰᠤᠭᠳᠤᠭᠤ ᠪᠠᠰᠠ ᠨᠢᠭᠡ ᠪᠠᠢ᠌ᠨ᠎ᠠ᠃


ᠳᠠᠭᠤᠯᠠᠭᠠᠤᠨ ᠳᠠᠭᠤᠯᠤᠭᠠᠤᠨ ᠪᠠᠷᠠᠰᠢ ᠥᠭᠡᠢ

ᠳᠠᠭᠤᠴᠢᠨ ᠰᠤᠭᠳᠤᠭᠤ ᠪᠠᠰᠠ ᠨᠢᠭᠡ ᠪᠠᠢ᠌ᠨ᠎ᠠ

ᠳᠤᠬᠤ ᠳᠤᠯᠤᠭᠠᠢ ᠨᠢ ᠭᠦᠭᠡᠷᠦᠴᠢᠭᠡᠭᠡᠳ

ᠭᠦᠪᠰᠦᠭᠡᠷ ᠰᠤᠭᠳᠤᠭᠤ ᠪᠠᠰᠠ ᠨᠢᠭᠡ ᠪᠠᠢ᠌ᠨ᠎ᠠ᠃


ᠣᠮᠤᠭ ᠰᠦᠰᠦ ᠨᠢ ᠪᠦᠳᠦᠭᠦᠷᠡᠭᠡᠳ

《ᠪᠠᠭᠠᠳᠤᠷ》 ᠰᠤᠭᠳᠤᠭᠤ ᠪᠠᠰᠠ ᠨᠢᠭᠡ ᠪᠠᠢ᠌ᠨ᠎ᠠ

ᠣᠯᠤᠰ ᠤᠨ ᠬᠠᠤᠯᠢ ᠶᠢ ᠵᠦᠷᠢᠴᠢᠴᠢᠭᠡᠭᠡᠳ

ᠣᠶᠠᠭᠠᠰᠤ ᠲᠡᠶ ᠰᠤᠭᠳᠤᠭᠤ ᠪᠠᠰᠠ ᠨᠢᠭᠡ ᠪᠠᠢ᠌ᠨ᠎ᠠ᠃


ᠦᠷᠦᠭᠡᠯ ᠤᠨ ᠠᠮᠢ ᠶᠢ ᠬᠤᠷᠤᠭᠠᠬᠤ ᠡᠴᠠ

ᠡᠷᠯᠢᠭ᠌ ᠰᠤᠳᠤᠭᠤ ᠪᠠᠰᠠ ᠨᠢᠭᠡ ᠪᠠᠢ᠌ᠨ᠎ᠠ

ᠡᠷᠦᠭᠡ ᠭᠡᠷ ᠢ ᠨᠢ ᠬᠠᠷᠠᠯᠠᠭᠤᠯᠤᠭᠠᠤᠨ

ᠨᠢᠭᠦᠯ ᠲᠡᠶ ᠰᠤᠭᠳᠤᠭᠤ ᠪᠠᠰᠠ ᠨᠢᠭᠡ ᠪᠠᠢ᠌ᠨ᠎ᠠ᠃


ᠳᠦᠷᠤ ᠶᠢᠨ ᠶᠤᠰᠤ ᠶᠢ ᠡᠪᠳᠡᠯᠡᠭᠦ ᠡᠴᠠ

ᠳᠦᠢᠦᠡᠭᠡᠷ ᠰᠤᠳᠤᠭᠤ ᠪᠠᠰᠠ ᠨᠢᠭᠡ ᠪᠠᠢ᠌ᠨ᠎ᠠ

ᠳᠠᠮᠤᠷ ᠪᠠᠭᠤᠤ ᠵᠡᠭᠦᠴᠢᠭᠡᠭᠡᠳ

ᠬᠤᠷᠢᠭᠠᠰᠤᠳᠠᠢ ᠰᠤᠭᠳᠤᠭᠤ ᠪᠠᠰᠠ ᠨᠢᠭᠡ ᠪᠠᠢ᠌ᠨ᠎ᠠ᠃


ᠡᠯᠳᠡᠪ ᠡᠯᠳᠡᠪ ᠤᠨ ᠰᠤᠭᠳᠤᠭᠤ ᠵᠢ

ᠥᠭᠡ ᠪᠠᠷ ᠭᠡᠯᠡᠭᠡᠳ ᠪᠠᠷᠠᠨ᠎ᠠ ᠦᠦ ᠳ᠋ᠠ

ᠥᠵᠡᠭ᠍ᠳᠡᠵᠤ ᠪᠠᠷᠢᠭᠳᠠᠭᠰᠠᠨ ᠭᠡᠳᠤ ᠡᠴᠠ ᠨᠢ

ᠥᠯᠢᠭᠡᠷ ᠪᠣᠯᠭᠠᠵᠤ ᠭᠡᠯᠡᠵᠤ ᠦᠭ‍ᠭᠦᠯ᠎ᠡ᠃


ᠵᠣᠢ᠌ᠯ ᠵᠣᠢ᠌ᠯ ᠤᠨ ᠰᠤᠭᠳᠤᠭᠤ ᠵᠢ

ᠵᠣᠢ᠌ᠴᠠᠵᠤ ᠬᠤᠯᠪᠣᠭᠠᠤᠨ ᠪᠠᠷᠠᠨ᠎ᠠ ᠦᠦ ᠳ᠋ᠠ

ᠵᠥᠩᠳᠡᠭᠡᠨ ᠲᠤᠬᠢᠶᠠᠯᠳᠤᠭᠰᠠᠨ ᠭᠡᠳᠤ ᠡᠴᠠ ᠨᠢ

ᠵᠣᠢ᠌ᠷᠯᠠᠵᠤ ᠬᠤᠯᠪᠣᠭᠠᠤᠨ ᠭᠡᠯᠡᠵᠤ ᠦᠭ‍ᠭᠦᠯ᠎ᠡ᠃


ᠠᠷᠢᠭᠢ ᠭᠦᠴᠦᠳᠡᠢ ᠪᠣᠯᠪᠠᠴᠤ

ᠠᠷᠢᠭᠢ ᠭᠦᠮᠤᠨ ᠢ ᠰᠤᠭᠳᠤᠭᠠᠬᠤ ᠥᠭᠡᠢ

ᠠᠯᠢ ᠠᠯᠢ ᠭᠡᠭ᠍ᠰᠡᠭᠡᠷ ᠡ

ᠣᠯᠢᠭ ᠶᠢᠡᠨ ᠪᠠᠷᠠᠳᠠᠭ ᠶ‍ᠢᠷᠳᠢᠠᠴᠤ ᠡ᠃


ᠳᠠᠷᠠᠰᠤ ᠭᠦᠴᠦᠳᠡᠢ ᠪᠣᠯᠪᠠᠴᠤ

ᠳᠠᠷᠠᠰᠤ ᠭᠦᠮᠤᠨ ᠢ ᠰᠤᠭᠳᠤᠭᠠᠬᠤ ᠥᠭᠡᠢ

ᠳᠠᠪᠰᠢᠨ ᠳᠠᠪᠰᠢᠨ ᠣᠤᠭᠤᠭᠰᠠᠭᠠᠷ

ᠳᠠᠷᠤᠭᠠᠤᠨ ᠣᠨᠠᠳᠠᠭ ᠶ‍ᠢᠷᠳᠢᠠᠴᠤ ᠡ᠃


ᠰᠠᠷᠬᠤᠤᠨ ᠭᠦᠴᠦᠳᠡᠢ ᠪᠣᠯᠪᠠᠴᠤ

ᠰᠠᠷᠬᠤᠤᠨ ᠭᠦᠮᠤᠨ ᠢ ᠰᠤᠭᠳᠤᠭᠠᠬᠤ ᠥᠭᠡᠢ

ᠴᠢᠮᠠᠯᠠᠨ ᠴᠢᠮᠠᠯᠠᠨ ᠣᠤᠭᠤᠭᠰᠠᠭᠠᠷ ᠡ

ᠴᠠᠭᠠᠰᠢ ᠪᠠᠨ ᠬᠠᠷᠠᠳᠠᠭ ᠶ‍ᠢᠷᠳᠢᠠᠴᠤ ᠡ᠃


ᠨᠠᠩᠵᠢᠳ ᠭᠦᠴᠦᠳᠡᠢ ᠪᠣᠯᠪᠠᠴᠤ

ᠨᠠᠩᠵᠢᠳ ᠭᠦᠮᠤᠨ ᠢ ᠰᠤᠭᠳᠤᠭᠠᠬᠤ ᠥᠭᠡᠢ

ᠨᠠᠰᠢ ᠪᠠᠨ ᠨᠠᠰᠢ ᠪᠠᠨ ᠭᠡᠭ᠍ᠰᠡᠭᠡᠷ

ᠨᠠᠯᠠᠭᠠᠤᠨ ᠣᠨᠠᠳᠠᠭ ᠶ‍ᠢᠷᠳᠢᠠᠴᠤ ᠡ᠃


ᠪᠠᠭ᠎ᠠ ᠪᠠᠭ᠎ᠠ ᠪᠠᠷ ᠣᠤᠭᠤᠪᠠᠯ

ᠪᠠᠯ ᠪᠣᠷᠠᠮ ᠥᠭᠡᠷ᠎ᠡ ᠦᠦ ᠳ᠋ᠠ

ᠪᠠᠶ᠎ᠠ ᠳᠤ ᠪᠠᠨ ᠳᠤᠭᠢᠷᠠᠭᠤᠯᠤᠭᠠᠤᠨ ᠭᠡᠷᠡᠭᠯᠡᠪᠠᠯ

ᠪᠣᠯᠬᠤ ᠦᠭᠡᠶ ᠣᠴᠢᠷ ᠪᠠᠢ᠌ᠨ᠎ᠠ ᠦᠦ ᠳ᠋ᠠ᠃


ᠪᠣᠷᠬᠠᠨ ᠳᠡᠭᠡᠳᠦᠰ ᠤᠨ ᠮᠢᠨᠢ ᠡᠭᠦᠳᠦᠭ᠍ᠰᠡᠨ

ᠠᠷᠢᠭᠢᠨ ᠰᠠᠢ᠌ᠬᠠᠨ ᠰᠤᠶᠤᠯ ᠶᠤᠮ

ᠪᠣᠯᠪᠠᠰᠤᠨ ᠰᠠᠢ᠌ᠬᠠᠨ ᠡᠳ᠋ᠯᠡᠪᠠᠯ

ᠪᠣᠯᠬᠤ ᠦᠭᠡᠶ ᠣᠴᠢᠷ ᠪᠠᠢ᠌ᠨ᠎ᠠ ᠦᠦ ᠳ᠋ᠠ᠃


ᠰᠠᠭᠢᠭᠤᠯᠰᠤᠨ ᠳᠡᠭᠡᠳᠦᠰ ᠤᠨ ᠮᠢᠨᠢ ᠡᠭᠦᠳᠦᠭ᠍ᠰᠡᠨ

ᠰᠠᠷᠬᠤᠤᠨ ᠤᠨ ᠰᠠᠢ᠌ᠬᠠᠨ ᠰᠤᠶᠤᠯ ᠶᠤᠮ

ᠰᠢᠡᠵᠢᠯᠡᠭᠦ ᠣᠬᠠᠭᠠᠴᠢ ᠪᠠᠷ ᠠᠰᠢᠭᠯᠠᠪᠠᠯ

ᠰᠢᠪᠰᠢᠭ᠌ ᠲᠡᠶ ᠣᠴᠢᠷ ᠭᠠᠷᠤᠨ᠎ᠠ ᠦᠦ ᠳ᠋ᠠ ᠭᠦᠢ᠃



ᠵᠤᠬᠢᠶᠠᠭᠴᠢ ᠶᠢᠨ ᠬᠠᠶ‍ᠢᠭ ᠄ ᠲᠦᠩᠯᠢᠶᠤᠤ ᠬᠤᠳᠠ᠂ ᠬᠤᠷᠴᠢᠨ ᠵᠡᠭᠦᠨ ᠭᠠᠷᠤᠨ ᠬᠣᠢ᠌ᠳᠤ ᠬᠤᠰᠢᠭᠤ᠂ ᠡᠮᠡᠭᠡᠯ ᠳᠤᠮᠳᠠᠳᠤ ᠰᠤᠷᠭᠠᠭᠤᠯᠢ

ᠵᠤᠬᠢᠶᠠᠭᠴᠢ᠄ ᠪᠠᠶᠠᠭᠤᠳ ᠳᠡᠭᠦᠦᠵᠡᠶᠠᠭ᠎ᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2625
ᠴᠠᠭ᠄ 2010 ᠤᠨ ᠤ 09 ᠰᠠᠷ᠎ᠠ ᠶᠢᠨ 16
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ